Title |
ᠰᠢᠨ᠎ᠠ ᠡᠷᠢᠨ ᠡᠴᠡ ᠨᠠᠭᠠᠰᠢᠬᠢ ᠮᠣᠩᠭᠤᠯ ᠲᠤᠭᠤᠵᠢᠰ ᠲᠡᠬᠢ ᠰᠣᠶᠣᠯ ᠤᠨ ᠬᠦᠦᠷᠨᠢᠯ |
Creator |
ᠨᠠᠬᠢᠶ ᠠ |
Keyword |
ᠰᠢᠨ᠎ᠠ ᠡᠷᠢᠨ; ᠮᠣᠩᠭᠤᠯ ᠲᠤᠭᠤᠵᠢᠰ; ᠰᠣᠶᠣᠯ ᠤᠨ ᠭᠠᠳᠠᠭᠠᠲᠤ ᠢᠯᠡᠷᠡᠬᠦᠯᠦᠯ᠋; ᠰᠣᠶᠣᠯ ᠤᠨ ᠵᠤᠷᠢᠭ ᠰᠠᠨᠠᠭᠠᠨ ᠤ ᠡᠷᠢᠯᠬᠢᠯᠡᠯ; ᠰᠢᠨ᠎ᠠ ᠰᠣᠶᠣᠯ ᠤᠨ ᠴᠣᠭᠴᠠᠯᠠᠯ |
Abstract |
ᠰᠣᠶᠣᠯ ᠤᠨ ᠬᠦᠦᠷᠨᠢᠯ ᠪᠤᠯ ᠰᠢᠨ ᠡᠷᠢᠨ ᠤ ᠮᠣᠩᠭᠤᠯ ᠲᠤᠭᠤᠵᠢᠰ ᠲᠡᠬᠢ ᠴᠢᠬᠤᠯᠠ ᠨᠢᠭᠡᠨ ᠦᠭᠦᠯᠡᠭᠳᠡᠬᠦᠨ ᠪᠤᠯᠤᠨ᠎ᠠ᠃ ᠲᠡᠭᠡᠷ ᠠ ᠵᠠᠭᠤᠨ ᠤ 80ᠭᠠᠳ ᠣᠨ ᠡᠴᠡ ᠰᠢᠨ᠎ᠠ ᠵᠠᠭᠤᠨ ᠬᠦᠷᠲᠡᠯ ᠠ᠂ ᠤᠷᠤᠨ ᠤᠨᠲᠤᠭ ᠤᠨ ᠲᠤᠭᠤᠵᠢᠰ ᠨᠢ ᠦᠨᠳᠰᠦᠲᠡᠨ ᠤ ᠪᠤᠳᠠᠰ ᠤᠨ ᠰᠣᠶᠣᠯ᠂ ᠠᠮᠢᠳᠤᠷᠠᠯ ᠤᠨ ᠬᠡᠯᠪᠡᠷᠢ ᠵᠢ ᠬᠠᠷᠠᠭᠤᠯᠬᠤ ᠪᠡᠷ ᠲᠠᠮᠵᠢᠨ ᠦᠨᠳᠦᠰᠦᠲᠡᠨ ᠤ ᠰᠣᠶᠣᠯ ᠢ ᠨᠤᠲᠠᠯᠠᠵᠤ᠂ ᠰᠣᠶᠣᠯ ᠤᠨ ᠮᠦᠷᠳᠡᠯᠭᠡ ᠶᠢᠨ ᠲᠤᠭᠤᠵᠢᠰ ᠨᠢ ᠦᠨᠳᠦᠰᠦᠲᠡᠨ ᠤ ᠰᠣᠶᠣᠯ ᠤᠨ ᠰᠢᠯᠢᠳᠡᠭ ᠪᠠ ᠨᠠᠵᠠᠭᠠᠢ ᠬᠤᠶᠠᠷ ᠲᠠᠯ ᠠ ᠵᠢ ᠦᠨᠡᠯᠡᠨ ᠨᠤᠲᠠᠯᠠᠬᠤ ᠶᠢᠨ ᠬᠠᠮᠲᠤ ᠰᠢᠯᠢᠳᠡᠭ ᠵᠤᠷᠢᠭ ᠰᠠᠨᠠᠭᠠᠨ ᠤ ᠡᠷᠢᠯᠬᠢᠯᠡᠯ ᠤᠨ ᠲᠤᠮᠲᠠ ᠰᠣᠶᠣᠯ ᠤᠨ ᠬᠦᠦᠷᠨᠢᠯ ᠢ ᠦᠵᠡᠯ ᠤᠬᠠᠮᠰᠠᠷ ᠤᠨ ᠦᠨᠳᠦᠷ ᠲᠡᠭᠷᠢ ᠳ᠋ᠤ ᠬᠦᠷᠭᠡᠵᠦ᠂ ᠰᠢᠨ᠎ᠠ ᠴᠠᠭ ᠦᠶ ᠠ ᠪᠠ ᠤᠯᠠᠮᠵᠢᠯᠠᠯᠲᠤ ᠰᠣᠶᠣᠯ ᠤᠨ ᠤᠭᠲᠤᠯᠤᠯᠴᠠᠯ ᠤᠨ ᠴᠡᠭ ᠡᠴᠡ ᠦᠨᠳᠦᠰᠦᠲᠡᠨ ᠤ ᠤᠷᠤᠰᠢᠬᠤᠢ ᠶᠢᠨ ᠰᠢᠨ᠎ᠠ ᠬᠡᠯᠪᠡᠷᠢ ᠵᠢ ᠰᠦᠪᠡᠭᠴᠢᠯᠠᠭᠰᠡᠨ ᠪᠠᠢᠳᠠᠭ᠃ |
Original Literature |
View Original Paper
|
出自 |
中国蒙古学
2020年
第1期
|