Paper Information


Title ᠬᠠᠨ ᠰᠢᠨ ᠤ ᠡᠴᠢᠭᠡ ᠨᠢ ᠴᠠᠭᠠᠨ ᠰᠠᠮᠵᠠ ᠭᠡᠬᠦ ᠲᠤᠮᠤᠭ ᠤᠨ ᠤᠴᠢᠷ
Creator ᠦ‍᠂ ᠡᠷᠬᠢᠮᠪᠠᠶᠠᠷ
Keyword ᠬᠠᠨ ᠰᠢᠨ; ᠴᠠᠭᠠᠨ ᠰᠠᠮᠵᠠ; ᠲᠤᠮᠤᠭ
Abstract ᠦᠭᠦᠯᠡᠯ ᠳ᠋ᠤ ᠲᠤᠮᠳᠠᠳᠤ ᠤᠯᠤᠰ ᠤᠨ ᠵᠡᠭᠦᠨ ᠤᠷᠤᠨ ᠤ ᠮᠣᠩᠭᠤᠯᠴᠤᠳ ᠤᠨ ᠲᠤᠮᠳᠠ ᠲᠡᠯᠭᠡᠷᠡᠭᠰᠡᠨ᠂ ᠪᠠᠷᠠᠭᠤᠨ ᠬᠠᠨ ᠤᠯᠤᠰ ᠤᠨ ᠲᠦᠷᠦ ᠪᠠᠢᠭᠤᠯᠬᠤ ᠦᠶ ᠠ ᠶᠢᠨ ᠭᠠᠪᠢᠶᠠᠲᠤ ᠰᠠᠢᠳ᠂ ᠰᠢᠯᠭᠠᠷᠠᠭᠰᠠᠨ ᠴᠡᠷᠢᠭ ᠤᠨ ᠡᠷᠲᠡᠮᠲᠡᠨ ᠬᠠᠨ ᠰᠢ ᠤ ᠴᠡᠢᠭᠡ ᠨᠢ ᠴᠠᠭᠠᠨ ᠰᠠᠮᠵᠠ ᠭᠡᠬᠦ ᠲᠤᠮᠤᠭ ᠤᠨ ᠤᠴᠢᠷ ᠢ ᠰᠢᠨᠵᠢᠯᠡᠨ ᠰᠣᠳᠤᠯᠤᠭᠰᠠᠨ ᠪᠠᠢᠨ᠎᠎ᠠ᠃ ᠲᠤᠰ ᠲᠤᠮᠤᠭ ᠨᠢ ᠵᠦᠩᠶᠤᠣᠠᠨ ᠤᠷᠤᠨ ᠤ ᠬᠢᠲᠠᠳ ᠦᠨᠳᠦᠰᠦᠲᠡᠨ ᠤ ᠰᠠᠮᠵᠠ ᠪᠡᠷ ᠮᠤᠷᠢ ᠲᠡᠵᠢᠭᠡᠯᠭᠡᠵᠦ ᠪᠠᠢᠭᠰᠠᠨ ᠠᠮᠢᠳᠤᠷᠠᠯ ᠪᠤᠶᠤ ᠰᠠᠮᠵᠠ ᠪᠠ ᠮᠤᠷᠢ ᠵᠢ ᠬᠠᠮᠲᠤ ᠬᠤᠷᠢᠪᠠᠯ᠂ ᠠᠭᠲᠠ ᠮᠤᠷᠢᠳ ᠬᠢᠵᠢᠭ ᠬᠦᠷᠬᠦ ᠦᠠᠢ ᠭᠡᠰᠡᠨ ᠤᠢᠯᠠᠭᠠᠯᠲᠠ ᠲᠠᠢ ᠬᠤᠯᠪᠤᠭ᠎ᠠ ᠲᠠᠢ᠃ ᠲᠤᠮᠤᠭ ᠤᠨᠪᠦᠲᠦᠴᠡ ᠶᠢᠨ ᠬᠤᠪᠢ ᠳ᠋ᠤ ᠴᠠᠭᠠᠨ ᠰᠠᠮᠵᠠ ᠰᠢᠲᠠᠷ ᠠ ᠳ᠋ᠤ ᠮᠡᠷᠭᠡᠰᠢᠭᠰᠡᠨ ᠦᠯᠢᠭᠡᠷ ᠤᠨ ᠮᠤᠲ᠋ᠢᠹ᠂ ᠴᠠᠭᠠᠨ ᠪᠠᠴᠢᠭ ᠡᠴᠡ ᠬᠦᠮᠦᠨ ᠤ ᠡᠬᠡᠮᠡᠷ ᠪᠤᠶᠤ ᠬᠡᠦᠭᠡᠨ ᠢ ᠪᠤᠯᠢᠶᠠᠨ ᠭᠡᠷᠯᠡᠳᠡᠭ ᠦᠯᠢᠭᠡᠷ ᠤᠨ ᠮᠦᠲ᠋ᠢᠹ ᠡᠴᠡ ᠡᠰᠢ ᠠᠪᠤᠨ ᠵᠤᠬᠢᠶᠠᠭᠰᠠᠨ ᠪᠠᠢᠨ᠎ᠠ᠃ ᠲᠠᠭᠤ ᠳ᠋ᠤᠨᠢ ᠠᠷᠠᠳ ᠤᠨ ᠲᠤᠮᠲᠠ ᠬᠠᠨ ᠰᠢᠨ  ᠢ ᠲᠤᠤᠷᠠᠰᠢᠶᠠᠨ᠂ ᠰᠢᠶᠠᠩ ᠢᠤᠢ ᠵᠢ ᠡᠷᠬᠢᠮᠰᠦᠭ ᠪᠤᠯᠭᠠᠨ ᠦᠵᠡᠳᠡᠭ ᠦᠵᠡᠯ ᠰᠡᠳᠬᠢᠯᠭᠡ ᠵᠢ ᠯᠡᠪᠡᠷᠠᠭᠦᠯᠦᠭᠰᠠᠡᠨ ᠪᠠᠢᠨ᠎ᠠ᠃ ᠴᠠᠭᠠᠨ ᠰᠠᠮᠵᠢ ᠭᠡᠳᠡᠭ ᠤᠨ 《ᠴᠠᠭᠠᠨ 》 ᠭᠡᠳᠡᠭ ᠲᠤᠳᠤᠳᠬᠠᠯ ᠤᠨ ᠴᠠᠭᠠᠨ᠎ᠠ ᠨᠢ ᠶᠡᠷᠦ ᠪᠤᠰᠤ ᠶᠢᠨ ᠂ ᠤᠷᠲᠤ ᠨᠠᠰᠤᠯᠠᠭᠰᠠᠨ᠂ ᠷᠢᠳᠢ ᠰᠢᠳᠢ ᠤᠯᠤᠭᠰᠠᠨ ᠭᠡᠬᠦ ᠤᠯᠠᠮᠵᠢᠯᠠᠯᠲᠤ ᠰᠢᠲᠦᠭᠯᠡ ᠪᠢᠰᠢᠷᠡᠯ ᠤᠨ ᠰᠣᠶᠣᠯ ᠲᠠᠭᠠᠯᠳᠤᠨ ᠢᠯᠡᠷᠡᠭᠰᠡᠨ ᠪᠠᠢᠨ᠎ᠠ᠃
Original Literature No Original Paper
出自 内蒙古社会科学(蒙文版) 2019年 第6期

联系我们


内蒙古大学图书馆
呼和浩特市大学西路235号
中国·内蒙古
P: (0471) 4992561
E: huangfeilong@imu.edu.cn