Title |
ᠮᠣᠩᠭᠤᠯ ᠦᠨᠳᠦᠰᠦᠲᠡᠨ ᠤ ᠤᠯᠠᠮᠵᠢᠠᠯᠯᠲᠤ ᠰᠣᠶᠣᠯ ᠤᠨ ᠵᠠᠭᠪᠤᠷ ᠬᠢᠭᠡᠳ ᠭᠡᠷ ᠤᠨ ᠬᠦᠮᠦᠵᠢᠯ ᠤᠨ ᠬᠠᠷᠢᠴᠠᠭᠠᠨ ᠤ ᠲᠤᠬᠠᠢ ᠦᠭᠦᠯᠡᠬᠦ ᠨᠢ-ᠢᠵᠢᠯᠢ ᠤᠳᠬ ᠠ ᠲᠠᠢ ᠦᠭᠡ ᠢ ᠰᠤᠩᠭᠤᠨ ᠣᠷᠴᠢᠭᠤᠯᠤᠭᠰᠠᠨ ᠨᠢ |
Creator |
ᠵᠠᠩ ᠴᠣᠯᠮᠤᠨ |
Keyword |
ᠮᠣᠩᠭᠤᠯ ᠰᠣᠶᠣᠯ ᠤᠨ ᠵᠠᠭᠪᠤᠷ; ᠪᠠᠢᠭᠠᠯᠢ ᠶᠢᠨ ᠣᠷᠴᠢᠨ ᠢ ᠬᠠᠮᠠᠭᠠᠯᠠᠬᠤ; ᠤᠯᠠᠮᠵᠢᠠᠯᠯᠲᠤ ᠭᠡᠷ ᠤᠨ ᠬᠦᠮᠦᠵᠢᠯ |
Abstract |
ᠰᠣᠶᠣᠯ ᠬᠦᠮᠦᠨ ᠵᠦᠢ ᠶᠢᠨ ᠰᠣᠶᠣᠯ ᠵᠢᠴᠢ ᠵᠠᠩ ᠠᠷᠠᠨᠰᠢᠨ ᠤ ᠤᠷᠤᠰᠬᠠᠯ ᠤᠨ ᠤᠨᠤᠯ ᠤᠨ ᠦᠵᠡᠯᠲᠡ ᠵᠢ ᠲᠡᠯᠭᠡᠷᠡᠬᠦᠯᠪᠡᠯ᠂ ᠰᠣᠶᠣᠯ ᠪᠤᠯ ᠡᠮᠬᠢ ᠵᠢᠷᠤᠮ ᠢ ᠪᠤᠢ ᠪᠠᠯᠭᠠᠬᠤ 《 ᠨᠠᠷᠠᠨ ᠰᠠᠬᠢᠭᠤᠯᠰᠤᠨ》 ᠤ ᠲᠤᠭᠲᠠᠯᠴᠠᠭ᠎ᠠ ᠬᠢᠭᠡᠳ ᠢᠯᠠᠨ ᠲᠠᠪᠠᠯᠲᠠ ᠵᠢ ᠪᠤᠢ ᠪᠤᠯᠭᠠᠬᠤ 《ᠠᠷᠢᠬᠢᠨ ᠰᠠᠬᠢᠭᠤᠯᠰᠤᠨ》 ᠤ ᠲᠤᠭᠲᠠᠯᠴᠠᠭ᠎ᠠ ᠶᠢᠨ ᠤᠷᠭᠠᠨᠢᠭ ᠨᠢᠭᠡᠲᠦᠯ ᠪᠤᠯᠤᠨ᠎ᠠ᠃ ᠮᠣᠩᠭᠤᠯ ᠦᠨᠳᠦᠰᠦᠲᠡᠨ ᠤ ᠤᠯᠠᠮᠵᠢᠠᠯᠯᠲᠤ ᠰᠣᠶᠣᠯ ᠨᠢ ᠪᠠᠢᠭᠠᠯᠢ ᠣᠷᠴᠢᠨ ᠢ ᠬᠠᠮᠠᠭᠠᠯᠠᠬᠤ ᠰᠣᠶᠣᠯ ᠤᠨ ᠬᠠᠷᠠᠯᠲᠠ ᠶᠢᠨ ᠲᠦᠷᠢᠮᠵᠢᠯ ᠲᠤᠤᠷ ᠠ ᠪᠤᠳᠠᠭᠠᠯᠢ ᠪᠡᠶ ᠡ ᠶᠢᠨ ᠪᠡᠶ ᠠ ᠪᠠᠨ ᠪᠠᠷᠢᠵᠤ ᠡᠮᠬᠢ ᠵᠢᠷᠤᠮ ᠢᠵᠢᠷᠤᠮᠯᠠᠵᠤ《 ᠨᠠᠷᠠᠨ ᠰᠠᠬᠢᠭᠤᠯᠰᠤᠨ 》 ᠤ ᠲᠤᠭᠲᠠᠯᠴᠠᠭ᠎ᠠ ᠪᠡᠷ ᠰᠠᠭᠤᠷᠢ ᠪᠦᠲᠦᠴᠡ ᠪᠤᠯᠭᠠᠵᠤ᠂ ᠡᠷᠡᠯᠭᠡᠭ ᠪᠠᠭᠠᠲᠤᠷᠯᠢᠭ ᠢᠢᠡᠷ ᠢᠯᠠᠨ ᠲᠠᠪᠠᠯᠲᠠ ᠵᠢ ᠪᠡᠶᠡᠯᠡᠬᠦᠯᠬᠦ《 ᠠᠷᠢᠬᠢᠨ ᠰᠠᠬᠢᠭᠤᠯᠰᠤᠨ》 ᠤ ᠲᠤᠭᠲᠠᠯᠴᠠᠭ᠎ᠠ ᠪᠡᠷ ᠲᠡᠳ᠋ ᠪᠦᠲᠦᠴᠡ ᠪᠤᠯᠭᠠᠭᠰᠠᠨ《 ᠴᠠᠭᠠᠨ ᠰᠦᠯᠲᠡ ᠪᠠ ᠬᠠᠷ ᠠ ᠰᠦᠯᠲᠡ》 ᠶᠢᠨ ᠬᠤᠶᠠᠳᠠᠮᠠᠯ ᠪᠡᠯᠭᠡᠳᠡᠯᠲᠦ ᠪᠦᠲᠦᠴᠡᠲᠦ ᠰᠣᠶᠣᠯ ᠤᠨ ᠵᠠᠭᠪᠤᠷ ᠲᠠᠢ᠃ ᠮᠣᠩᠭᠤᠯ ᠦᠨᠳᠦᠰᠦᠲᠡᠨ ᠤ ᠤᠯᠠᠮᠵᠢᠠᠯᠯᠲᠤ ᠭᠡᠷ ᠤᠨ ᠬᠦᠮᠦᠵᠢᠯ ᠪᠤᠯ ᠲᠡᠭᠡᠷᠡᠬᠢ ᠮᠣᠩᠭᠤᠯ ᠰᠣᠶᠣᠯ ᠤᠨ ᠵᠠᠭᠪᠤᠷ ᠤᠨ ᠦᠪᠡᠷ ᠤᠨ ᠪᠡᠶ ᠠ ᠪᠠᠨ ᠲᠠᠰᠤᠷᠠᠯᠲᠠ ᠦᠭᠡᠢ ᠤᠯᠠᠮᠵᠢᠠᠯᠬᠤ ᠭᠤᠤᠯ ᠠᠷᠭ᠎ᠠ ᠵᠠᠮ ᠪᠤᠯᠤᠨ᠎ᠠ᠃ |
Original Literature |
View Original Paper
|
出自 |
中国蒙古学
2019年
第5期
|