Title |
ᠴᠢᠩ ᠤᠯᠤᠰ ᠤᠨ ᠰᠡᠭᠦᠯᠴᠢ ᠶᠢᠨ ᠤᠷᠳᠤᠰ ᠤᠷᠤᠨ ᠤ ᠺᠠᠲ᠋ᠤᠯᠢᠭ ᠱᠠᠰᠢᠨ ᠤ ᠱᠠᠰᠢᠨᠲᠠᠳ ᠤᠨ ᠲᠤᠰᠬᠤᠨ ᠪᠦᠷᠢᠯᠳᠦᠭᠰᠡᠨ ᠶᠠᠪᠤᠴᠠ ᠶᠢᠨ ᠲᠤᠬᠠᠢ ᠬᠠᠢᠨ ᠰᠢᠨᠵᠢᠯᠡᠬᠦ ᠨᠢ |
Creator |
ᠮᠸᠢ ᠷᠦᠩ |
Keyword |
ᠤᠷᠲᠤᠰ ᠤᠷᠤᠨ; ᠺᠠᠲ᠋ᠤᠯᠢᠭ ᠱᠠᠰᠢᠨ ᠤ ᠱᠠᠰᠢᠨᠲᠠᠳ ᠤᠨ ᠲᠤᠰᠬᠤᠨ; ᠪᠦᠷᠢᠯᠳᠦᠭᠰᠡᠨ ᠶᠠᠪᠤᠴᠠ |
Abstract |
ᠬᠠᠷ ᠠ ᠲᠠᠮᠠᠬᠢ ᠶᠢᠨᠲ ᠠᠢᠨ ᠤ ᠲᠠᠷᠠᠭ᠎ᠠ᠂ ᠦᠷᠦᠨᠡᠳᠡᠬᠢᠨ ᠤ ᠬᠦᠴᠦᠷᠭᠡᠭ ᠤᠯᠤᠰ ᠤᠳ ᠨᠢ ᠴᠢᠩ ᠤᠤᠯᠰ ᠲᠠᠢ ᠤᠯᠠᠨ ᠲᠡᠭᠰᠢ ᠪᠤᠰᠤ ᠭᠡᠷ ᠠ ᠲᠤᠭᠲᠠᠭᠠᠬᠤ ᠪᠡᠷ ᠲᠠᠮᠵᠢᠨ ᠲᠤᠮᠳᠠᠳᠤ ᠤᠯᠤᠰ ᠲᠤ ᠴᠢᠯᠦᠭᠡᠲᠡᠢ ᠪᠡᠷ ᠱᠠᠰᠢᠨ ᠲᠡᠯᠭᠡᠷᠡᠬᠦᠯᠬᠦ ᠣᠨᠴᠠ ᠡᠷᠭᠡ ᠤᠯᠵᠠᠢ᠂ ᠡᠭᠦᠨᠴᠡ ᠬᠤᠢᠰᠢ ᠦᠷᠦᠨᠡᠳᠡᠬᠢᠨ ᠤ ᠺᠠᠲ᠋ᠤᠯᠢᠭ ᠱᠠᠰᠢᠨ ᠴᠠᠭᠠᠨ ᠬᠡᠷᠡᠯ ᠤᠨ ᠭᠠᠳᠠᠨᠠᠬᠢ ᠤᠷᠲᠤᠰ ᠤᠷᠤᠨ ᠳ᠋ᠤ ᠴᠦ ᠦᠳᠲᠡᠷ ᠲᠦᠷᠭᠡᠨ ᠤᠯᠠᠮᠵᠢᠯᠠᠭᠳᠠᠨ ᠲᠡᠯᠭᠡᠷᠡᠵᠦ᠂ ᠺᠠᠲ᠋ᠤᠯᠢᠭ ᠱᠠᠰᠢᠨ ᠤ ᠨᠡᠢᠭᠡᠮᠯᠢᠭ ᠨᠢ ᠤᠷᠳᠤᠰ ᠤᠷᠤᠨ ᠳ᠋ᠤ ᠮᠠᠰᠢ ᠤᠯᠠᠨ ᠱᠠᠰᠢᠨ ᠤ ᠲᠤᠭᠠᠩ ᠪᠠᠢᠭᠤᠯᠵᠤᠨ ᠤᠳᠠᠯ ᠦᠭᠡᠢ ᠪᠠᠰᠠ ᠬᠡᠳᠦᠨ ᠠᠷᠪᠠᠨ ᠱᠠᠰᠢᠨᠲᠠᠳ ᠤᠨ ᠲᠤᠰᠬᠤᠨ ᠪᠤᠢ ᠪᠤᠯᠵᠠᠢ᠃ ᠡᠳᠡᠭᠡᠷ ᠱᠠᠰᠢᠨᠲᠠᠳ ᠤᠨ ᠲᠤᠰᠬᠤᠨ ᠤ ᠪᠦᠷᠢᠯᠳᠦᠨ ᠭᠡᠭᠵᠢᠭᠰᠡᠨ ᠶᠠᠪᠤᠳᠠᠯ ᠨᠢ ᠦᠷᠦᠨᠡᠳᠡᠬᠢᠨ ᠤ ᠬᠦᠴᠦᠷᠭᠡᠭ ᠤᠯᠤᠰ ᠤᠳ ᠺᠠᠲ᠋ᠤᠯᠢᠭ ᠱᠠᠰᠢᠨ ᠤ ᠨᠡᠢᠭᠡᠮᠯᠢᠭ ᠡᠴᠡ ᠤᠷᠲᠤᠰ ᠤᠷᠤᠨ ᠳ᠋ᠤ ᠦᠪᠡᠷᠮᠢᠴᠡ ᠣᠨᠴᠠᠯᠢᠭ ᠪᠦᠬᠦᠢ ᠱᠠᠰᠢᠨ ᠲᠡᠯᠭᠡᠷᠡᠬᠦᠯᠬᠦ ᠠᠷᠭ᠎ᠠ ᠪᠠᠷᠢᠯ ᠠᠪᠤᠭᠰᠠᠨ ᠲᠠᠢ ᠴᠦ ᠬᠤᠯᠪᠤᠭ᠎ᠠ ᠲᠠᠢ ᠪᠠᠢᠳᠠᠭ᠃ ᠦᠭᠦᠯᠡᠯ ᠳ᠋ᠤ ᠬᠤᠯᠪᠤᠭᠳᠠᠯ ᠪᠦᠬᠦᠢ ᠲᠡᠦᠭᠡᠨ ᠮᠠᠲ᠋ᠸᠷᠢᠶᠠᠯ ᠢ ᠠᠰᠢᠭᠯᠠᠨ ᠴᠢᠩ ᠤᠯᠤᠰ ᠤᠨ ᠰᠡᠬᠦᠯᠴᠢ ᠳ᠋ᠤ ᠤᠷᠳᠤᠰ ᠤᠷᠤᠨ ᠳ᠋ᠤ ᠺᠠᠲ᠋ᠤᠯᠢᠭ ᠱᠠᠰᠢᠨ ᠤ ᠱᠠᠰᠢᠨᠲᠠᠳ ᠤᠨ ᠲᠤᠰᠬᠤᠨ ᠪᠦᠷᠢᠯᠳᠦᠭᠰᠡᠨ ᠶᠠᠪᠤᠴᠠ ᠪᠠ ᠰᠢᠯᠲᠠᠭᠠᠨ ᠤ ᠲᠤᠬᠠᠢ ᠨᠠᠷᠢᠯᠢᠭ ᠵᠠᠳᠠᠯᠤᠨ ᠦᠭᠦᠯᠡᠵᠡᠢ᠃ |
Original Literature |
No Original Paper
|
出自 |
内蒙古社会科学(蒙文版)
2019年
第5期
|