Paper Information


Title ᠮᠣᠩᠭᠤᠯ ᠬᠡᠯᠡᠨ ᠤ 《 ᠲᠤᠯᠭᠠᠢ》 ᠭᠡᠬᠦ ᠦᠭᠡ ᠲᠠᠢ ᠬᠤᠯᠪᠤᠭᠲᠠᠭᠰᠠᠨ ᠬᠤᠷᠰᠢᠶ ᠠ ᠵᠢᠩᠬᠢᠨᠢ ᠨᠡᠷ ᠠ ᠦᠭᠡ ᠶᠢᠨ ᠪᠦᠲᠦᠴᠡ ᠶᠢᠨ ᠤᠳᠬ ᠠ ᠶᠢᠨ ᠰᠣᠳᠤᠯᠭᠠᠨ
Creator ᠪᠠᠶᠠᠨᠮᠦ᠋ᠩᠬᠡ
Keyword ᠲᠲᠤᠯᠤᠭᠠᠢ; ᠬᠤᠷᠰᠢᠶ ᠠ ᠵᠢᠩᠬᠢᠨᠢ ᠨᠡᠷ ᠡ ᠦᠭᠡ; ᠪᠦᠲᠦᠴᠡ ᠶᠢᠨ ᠤᠳᠬ ᠠ
Abstract ᠤᠳᠬ ᠠ ᠵᠦᠢ ᠨᠢ ᠪᠤᠰᠤᠳ ᠤᠨᠤᠯ ᠤᠬᠠᠭᠠᠨ ᠨᠤᠭᠤᠳ ᠲᠠᠢ ᠠᠳᠠᠯᠢ ᠪᠡᠷ ᠡᠯ ᠠ ᠵᠦᠢᠯ ᠤᠨ ᠤᠨᠤᠯ ᠠᠰᠢᠯᠡᠯ ᠲᠠᠢ ᠪᠠᠢᠳᠠᠭ᠃ ᠡᠬᠦᠨ ᠳ᠋ᠤ ᠵᠠᠷᠢᠮ ᠤᠨᠤᠯ ᠢ ᠨᠢ ᠬᠡᠯᠡ ᠰᠢᠨᠵᠢᠯᠡᠯᠲᠡᠳ ᠲᠤᠷᠠᠳᠤᠨ ᠭᠠᠷᠭᠠᠭᠰᠠᠨ ᠪᠤᠯᠪᠠᠴᠤ᠂ ᠤᠯᠠᠩᠬᠢ ᠵᠢ ᠨᠢ ᠬᠦᠨ ᠤᠬᠠᠭᠠᠨᠲᠠᠨ ᠪᠯᠤᠤᠨ ᠯᠤᠬᠢᠭ ᠵᠦᠢᠴᠢᠳ ᠡᠴᠡ ᠲᠤᠷᠠᠳᠤᠨ ᠭᠠᠷᠭᠠᠭᠰᠠᠨ ᠪᠠᠢᠳᠠᠭ᠃ ᠡᠢᠮᠦ ᠡᠴᠡ ᠪᠢᠳᠠ ᠬᠡᠯᠡ ᠰᠢᠨᠵᠢᠯᠡᠯ ᠳ᠋ᠡᠬᠢ ᠰᠠᠯᠪᠤᠷᠢ ᠤᠬᠠᠭᠠᠨ ᠪᠤᠯᠬᠤ ᠤᠳᠬ ᠠ ᠵᠦᠢ ᠵᠢ ᠰᠣᠳᠤᠯᠬᠤ ᠳ᠋ᠤ ᠡᠷᠭᠡᠪᠰᠢ ᠬᠦᠨ ᠤᠬᠠᠭᠠᠨ᠂ ᠯᠤᠬᠢᠭ ᠵᠦᠢᠴᠢᠳ ᠤᠨ ᠤᠳᠬ ᠠ  ᠶᠢᠨ ᠲᠤᠬᠠᠢ ᠰᠣᠳᠤᠯᠤᠯ ᠢ ᠤᠢᠯᠠᠭᠠᠬᠤ ᠴᠢᠬᠤᠯᠠ ᠲᠠᠢ᠂ ᠡᠭᠦᠨ ᠤ ᠬᠠᠮᠲᠤ᠂ ᠤᠳᠬ ᠠ ᠪᠤᠯ ᠬᠦᠮᠦᠨ ᠲᠦᠷᠦᠯᠬᠢᠲᠠᠨ ᠤ ᠰᠡᠳᠬᠢᠬᠦᠢ ᠶᠢᠨᠶᠠᠪᠤᠴᠠ ᠬᠢᠭᠡᠳ ᠪᠤᠰᠤᠳᠴᠢ ᠠᠬᠤᠢ ᠵᠢ ᠲᠤᠰᠬᠠᠳᠠᠭ ᠪᠤᠯᠬᠤᠷ ᠤᠳᠬ ᠠ ᠵᠦᠢ᠂ ᠬᠦᠨ ᠤᠬᠠᠭᠠᠨ᠂ ᠰᠡᠳᠬᠢᠴᠡ ᠵᠦᠢ᠂ ᠵᠤᠬᠢᠭ ᠵᠦᠢ ᠵᠡᠷᠭᠡ ᠶᠢᠨ ᠰᠢᠨᠵᠢᠯᠡᠨ ᠤ ᠰᠠᠯᠠᠭ᠎ᠠ ᠯᠤᠭ᠎ᠠ ᠨᠢᠭᠲᠠ ᠬᠠᠷᠢᠴᠠᠭ᠎ᠠ ᠲᠠᠢ ᠪᠠᠢᠳᠠᠭ᠃ ᠡᠢᠨ ᠬᠦ ᠬᠡᠯᠡᠨ ᠤ ᠤᠳᠬ ᠠ ᠵᠢ ᠪᠦᠬᠦ ᠲᠠᠯ ᠠ ᠪᠡᠷ᠂ ᠬᠦᠨᠵᠡᠭᠡᠢ ᠰᠣᠳᠤᠯᠬᠤ ᠳ᠋ᠤ ᠡᠳᠡᠭᠡᠷ ᠵᠡᠷᠭᠡᠯᠡᠳᠡᠭᠡ᠂ ᠰᠢᠨᠵᠢᠯᠡᠭᠡᠨ ᠤ ᠰᠠᠯᠠᠭ᠎ᠠ ᠨᠤᠭᠤᠳ ᠲᠠᠢ ᠬᠤᠯᠪᠤᠭᠳᠠᠬᠤ ᠨᠢ ᠶᠠᠷᠢᠶᠠᠨ ᠦᠭᠡᠢ᠃ᠦᠭᠦᠯᠡᠯ ᠳ᠋ᠤ ᠤᠳᠬ ᠠ ᠰᠣᠳᠤᠯᠤᠯ ᠤᠨ ᠨᠢᠭᠡᠨ ᠰᠠᠯᠠᠭ᠎ᠠ ᠪᠤᠯᠤᠭᠰᠠᠨ ᠠᠭᠤᠯᠤᠭᠳᠠᠬᠤᠨ ᠤ ᠯᠤᠬᠢᠭ ᠤᠨᠤᠯ ᠳ᠋ᠤ ᠰᠠᠭᠤᠷᠢᠯᠠᠵᠤ᠂ ᠯᠤᠬᠢᠭ ᠤᠨ ᠲᠠᠯ ᠠ ᠡᠴᠡ 《 ᠲᠤᠯᠤᠭᠠᠢ《》 ᠭᠡᠬᠦ ᠦᠭᠡ ᠲᠠᠢ ᠬᠤᠯᠪᠤᠭᠳᠠᠭᠰᠠᠨ ᠬᠤᠷᠢᠶ ᠠ ᠨᠡᠷ ᠠ ᠵᠢᠩᠾᠢᠨᠢ ᠨᠡᠷ ᠠ ᠦᠭᠡ ᠶᠢᠨ ᠪᠦᠲᠦᠴᠡ ᠶᠢᠨ ᠤᠳᠬ ᠠ ᠵᠢ ᠵᠠᠳᠠᠯᠬᠤ ᠤᠷᠤᠯᠳᠤᠯᠭ᠎ᠠ ᠬᠢᠵᠡᠢ᠃
Original Literature No Original Paper
出自 蒙古学研究 2017年 第2期

联系我们


内蒙古大学图书馆
呼和浩特市大学西路235号
中国·内蒙古
P: (0471) 4992561
E: huangfeilong@imu.edu.cn