Title |
ᠰᠠᠢᠴᠤᠩᠭᠠ ᠶᠢᠨ ᠵᠣᠬᠢᠶᠠᠯ ᠪᠦᠲᠦᠭᠡᠯ ᠳ᠋ᠡᠬᠢ ᠰᠣᠶᠣᠯ ᠭᠡᠭᠡᠷᠡᠯ ᠢ ᠠᠪᠴᠢᠷᠠᠬᠤ ᠴᠢᠬᠤᠯᠠ ᠴᠢᠠᠨᠷ ᠢ ᠦᠭᠦᠯᠡᠭᠰᠡᠨ ᠲᠤᠬᠠᠢ ᠲᠤᠭᠲᠠᠮ ᠰᠢᠨᠵᠢᠯᠡᠭᠡ |
Creator |
ᠠᠯᠲᠠᠨᠪᠠᠭᠠᠨ᠎ᠠ |
Keyword |
ᠰᠠᠢᠴᠤᠩᠭᠠ ᠶᠢᠨ ᠵᠣᠬᠢᠶᠠᠯ ᠪᠦᠳᠦᠭᠡᠯ; ᠰᠣᠶᠣᠯ ᠭᠡᠭᠡᠷᠡᠯ ᠤᠨ ᠦᠵᠡᠯ ᠰᠠᠨᠠᠭ᠎ᠠ; ᠰᠣᠳᠤᠯᠭᠠᠨ ᠤ ᠠᠴᠢ ᠬᠤᠯᠪᠤᠭᠳᠠᠯ |
Abstract |
ᠣᠷᠴᠢᠨ ᠦᠶ ᠠ ᠳ᠋ᠡᠬᠢ ᠨᠳᠦᠰᠦᠲᠡᠨ ᠤ ᠰᠣᠶᠣᠯ ᠭᠡᠭᠡᠷᠡᠯ ᠤᠨ ᠨᠡᠢᠭᠡᠮ ᠠᠬᠤᠢ ᠵᠢᠴᠢ ᠦᠵᠡᠯ ᠤᠷᠤᠰᠬᠠᠯ ᠤᠨ ᠨᠦᠯᠦᠭᠡ ᠲᠤᠰᠬᠠᠯ ᠲᠤᠤᠷ ᠠ᠂ ᠰᠠᠢᠴᠤᠩᠭᠠ ᠶᠢᠨ ᠵᠤᠬᠢᠶᠠᠯ ᠪᠦᠲᠦᠭᠡᠯ ᠳ᠋ᠤ ᠶᠡᠷᠦ ᠨᠢ ᠤᠭᠰᠠᠭ᠎ᠠ ᠦᠨᠳᠦᠰᠦᠲᠡᠨ ᠳᠤ ᠪᠠᠨ ᠰᠣᠶᠣᠯ ᠭᠡᠭᠡᠷᠡᠯ ᠢ ᠠᠪᠴᠢᠷᠠᠬᠤ ᠨᠢ ᠮᠣᠩᠭᠤᠯ ᠲᠦᠮᠡᠨ ᠤ ᠪᠠᠯᠢ ᠮᠣᠩᠬᠠᠭ ᠠᠯᠵᠠᠭᠤ ᠵᠯᠠᠭᠠᠬᠤ ᠡᠪᠡᠳᠴᠢᠯᠢᠭ ᠪᠠᠢᠳᠠᠯ ᠢ ᠦᠭᠡᠷᠡᠴᠢᠯᠠᠨ᠂ ᠮᠣᠩᠭᠤᠯ ᠤᠷᠤᠨ ᠤ ᠭᠡᠮ ᠶᠠᠷᠠᠲᠤ ᠪᠤᠵᠠᠷ ᠪᠤᠯᠠᠢ ᠨᠡᠢᠭᠡᠮ ᠤᠨ ᠭᠡᠮ ᠰᠤᠷᠲᠠᠯ ᠢ ᠡᠰᠡᠷᠭᠦᠴᠡᠨ ᠠᠷᠢᠯᠭᠠᠵᠤ᠂ ᠡᠮᠡᠭᠲᠡᠢ ᠬᠦᠮᠦᠨ ᠤᠨ ᠠᠢᠭᠡᠮ ᠤᠨ ᠪᠠᠢᠷᠢ ᠰᠠᠭᠤᠷᠢ ᠵᠢ ᠲᠡᠭᠡᠭᠰᠢᠯᠡᠬᠦᠯᠬᠦ ᠶᠢᠨ ᠤᠴᠢᠷ᠂ ᠡᠷᠭᠡᠪᠰᠢ ᠰᠢᠨᠵᠢᠯᠡᠬᠦ ᠤᠬᠠᠭᠠᠨ ᠢ ᠭᠦᠭᠵᠢᠬᠦᠯᠦᠨ ᠰᠤᠷᠭᠠᠨ ᠬᠦᠮᠦᠵᠢᠯ ᠢ ᠪᠦᠬᠦ ᠠᠷᠠᠳ ᠲᠦᠮᠡᠨ ᠳ᠋ᠤ ᠪᠠᠨ ᠲᠦᠭᠡᠮᠯᠵᠢᠬᠦᠯᠬᠦ ᠭᠡᠷᠡᠭᠲᠡᠢ ᠭᠡᠬᠦ ᠦᠵᠡᠯ ᠪᠤᠳᠤᠯᠭ᠎ᠠ ᠪᠠᠨ ᠲᠤᠰᠬᠠᠨ ᠢᠯᠡᠷᠡᠭᠦᠯᠵᠦ ᠪᠠᠢᠭᠰᠠᠨ ᠶᠣᠮ᠃ ᠵᠣᠬᠢᠶᠠᠭᠴᠢ ᠶᠢᠨ ᠡᠢᠢᠮᠦᠷᠬᠦᠦ ᠦᠵᠡᠯ ᠪᠤᠳᠤᠯᠭ᠎ᠠ ᠨᠢ ᠲᠤᠬᠠᠢ ᠶᠢᠨ ᠤᠷᠴᠢᠨ ᠳ᠋ᠡᠬᠢ ᠮᠣᠩᠭᠤᠯ ᠤᠭᠰᠠᠭᠠᠲᠠᠨ ᠤ ᠰᠣᠶᠤᠨ ᠭᠡᠭᠡᠷᠡᠯ ᠤᠨ ᠦᠢᠯᠡᠰ ᠲᠤ ᠠᠪᠴᠤ ᠦᠭᠦᠯᠡᠪᠡᠯ᠂ ᠮᠠᠰᠢ ᠴᠢᠬᠤᠯᠠ ᠰᠣᠳᠤᠯᠭᠠᠨ ᠤ ᠠᠴᠢ ᠬᠤᠯᠪᠤᠭᠳᠠᠯ ᠲᠠᠢ ᠪᠠᠢᠳᠠᠭ᠃ |
Original Literature |
View Original Paper
|
出自 |
蒙古学研究
2019年
第3期
|