Paper Information


Title ᠭᠤᠷᠯᠤᠰ ᠬᠤᠢᠲᠤ ᠬᠤᠰᠢᠭᠤᠨ ᠤ ᠵᠠᠰᠠᠭ ᠵᠠᠬᠢᠷᠭᠠᠨ ᠤ ᠪᠠᠢᠭᠤᠯᠤᠮᠵᠢ ᠶᠢᠨ ᠤᠯᠠᠷᠢᠯ ᠰᠣᠯᠢᠭᠲᠠᠯ ᠤᠨ ᠲᠤᠬᠠᠢ
Creator ᠪᠦᠬᠡᠴᠢᠯᠠᠭᠤ
Keyword ᠭᠤᠷᠯᠤᠰ ᠬᠤᠢᠲᠤ ᠬᠤᠰᠢᠭᠤ; ᠤᠪᠠᠰᠢ ᠤᠳᠬᠠᠨ ᠨᠤᠶᠠᠨ; ᠵᠠᠰᠠᠭ ᠵᠠᠬᠢᠷᠭᠠᠨ ᠤ ᠪᠠᠢᠭᠤᠯᠤᠮᠵᠢ
Abstract 19 ᠳ᠋ᠤᠭᠡᠷ ᠵᠠᠭᠤᠨ ᠤ ᠲᠤᠮᠳᠠᠴᠢ ᠡᠴᠡ ᠴᠢᠩ ᠤᠯᠤᠰ ᠤᠨ ᠵᠠᠰᠠᠭ ᠤᠨ ᠭᠠᠵᠠᠷ ᠨᠢ ᠭᠠᠳᠠᠭᠠᠲᠤ ᠶᠢᠨ ᠲᠦᠷᠢᠮᠡᠬᠡᠢᠢᠯᠡᠯ ᠲᠤᠳᠤᠭᠠᠲᠤ ᠶᠢᠨ ᠰᠠᠮᠠᠭᠤᠷᠠᠯ ᠳ᠋ᠤ ᠲᠠᠭᠠᠷᠢᠭᠲᠠᠨ ᠤᠯᠤᠰ ᠲᠦᠷᠦ ᠠᠵᠤ ᠠᠬᠤᠢ  ᠶᠢᠨ ᠲᠠᠯ ᠠ ᠪᠡᠷ ᠤᠷᠢᠳ ᠡᠮᠦᠨ᠎ᠠ ᠭᠠᠷᠤᠭ᠎ᠠ ᠦᠭᠡᠢ ᠬᠢᠮᠤᠷᠠᠯ ᠳ᠋ᠤ ᠤᠴᠠᠷᠠᠪᠠ᠃ ᠮᠠᠨᠵᠦ ᠶᠢᠨ ᠨᠤᠶᠠᠷᠬᠠᠭᠴᠢᠳ ᠠᠵᠤ ᠠᠬᠤᠢ ᠡᠳ᠋ ᠤᠨ ᠵᠠᠰᠠᠭ ᠤᠨᠬᠦᠴᠢᠷᠳᠡᠯ ᠢᠢᠡᠨ ᠰᠢᠢᠳᠪᠦᠷᠢᠯᠡᠬᠦ ᠶᠢᠨ ᠲᠦᠯᠦᠭᠡ 1902ᠣᠨ ᠳ᠋ᠤ ᠠᠷᠠᠳ ᠢ ᠨᠡᠭᠦᠯᠭᠡᠵᠦ᠂ ᠬᠢᠵᠠᠭᠠᠷ ᠢ ᠪᠡᠬᠢᠵᠢᠬᠦᠯᠬᠦ《 ᠰᠢᠨ᠎ᠠ ᠵᠠᠰᠠᠭ》 ᠤᠨ ᠪᠤᠳᠤᠯᠭ᠎ᠠ ᠲᠤᠭᠲᠠᠭᠠᠨ ᠭᠤᠪᠢ ᠶᠢᠨ ᠡᠮᠦᠨᠡᠬᠢ ᠮᠣᠩᠭᠤᠯ ᠬᠤᠰᠢᠭᠤᠳ ᠲᠤ ᠬᠢᠲᠠᠳ ᠴᠠᠭᠠᠴᠢᠨ ᠢᠷᠭᠡᠳ ᠢ ᠶᠡᠬᠡ ᠬᠡᠮᠵᠢᠶ ᠠ ᠪᠡᠷ ᠨᠡᠭᠦᠯᠭᠡᠨ ᠤᠷᠤᠭᠤᠯᠵᠤ᠂ ᠠᠲᠠᠷ ᠬᠠᠭᠠᠯᠪᠤᠷᠢᠯᠠᠨ ᠲᠠᠷᠢᠶ ᠠ ᠲᠠᠷᠢᠭᠤᠯᠵᠠᠢ᠃ ᠭᠤᠷᠯᠤᠰ ᠬᠤᠢᠲᠤ ᠬᠤᠰᠢᠭᠤ ᠴᠦ ᠡᠨᠡ ᠬᠦ ᠤᠯᠤᠰ ᠲᠦᠷᠦ ᠶᠢᠨ ᠶᠡᠬᠡ ᠲᠤᠯᠬᠢᠶᠠᠨ ᠳ᠋ᠤ ᠤᠷᠢᠶᠠᠭᠳᠠᠵᠤ᠂ ᠬᠤᠰᠢᠭᠤᠨ ᠤ ᠵᠡᠬᠦᠨ ᠪᠠᠷᠠᠭᠤᠨ ᠬᠡᠰᠡᠭ ᠨᠢᠶᠡᠬᠡ ᠪᠡᠷ ᠠᠲᠠᠷ ᠬᠠᠭᠠᠯᠪᠤᠷᠢᠯᠠᠭᠳᠠᠨ ᠵᠤᠤ ᠵᠸᠦ᠂ ᠵᠤᠤ ᠳ᠋ᠦᠩ ᠵᠡᠷᠭᠡ ᠬᠤᠶᠠᠷ ᠰᠢᠶᠠᠨ ᠤᠷᠢᠳ ᠬᠤᠵᠢᠳ ᠪᠠᠢᠭᠤᠯᠤᠭᠳᠠᠨ ᠬᠤᠰᠢᠭᠤᠨ ᠤ ᠨᠤᠲᠤᠭ ᠪᠡᠪᠢᠰᠭᠡᠷ ᠢ ᠬᠡᠰᠡᠭᠯᠡᠨ ᠬᠤᠢᠶᠠᠵᠤ᠂ ᠡᠴᠦᠰ ᠲᠤ ᠪᠠᠨ ᠲᠤᠰᠠᠭᠠᠷ ᠮᠣᠩᠭᠤᠯ ᠬᠤᠰᠢᠭᠤᠨ ᠤ ᠡᠷᠭᠡ ᠪᠠᠨ ᠠᠯᠳᠠᠵᠤ᠂ ᠭᠤᠷᠯᠤᠰ ᠬᠤᠢᠲᠤ ᠬᠤᠰᠢᠭᠤ ᠭᠡᠬᠦ ᠨᠡᠷᠡᠢᠳᠦᠯ ᠨᠢ ᠪᠠᠯᠠᠷᠠᠵᠤᠮ ᠵᠤᠤ ᠶᠤᠸᠠᠨ ᠰᠢᠶᠠᠨ ᠪᠤᠯᠵᠤ ᠬᠤᠪᠢᠷᠠᠭᠰᠠᠨ ᠪᠠᠢᠨ᠎ᠠ᠃
Original Literature View Original Paper
出自 蒙古学研究 2019年 第3期

联系我们


内蒙古大学图书馆
呼和浩特市大学西路235号
中国·内蒙古
P: (0471) 4992561
E: huangfeilong@imu.edu.cn