Title |
ᠴᠢᠩ ᠤᠯᠤᠰ ᠤᠨ ᠦᠶ ᠠ ᠶᠢᠨ ᠬᠤᠷᠴᠨ ᠵᠡᠭᠦᠨ ᠭᠠᠷᠤᠨ ᠬᠤᠢᠲᠤ ᠬᠤᠰᠢᠭᠤᠨ ᠤ ᠸᠠᠩ ᠬᠦᠩ ᠤᠨ ᠦᠶ ᠠ ᠰᠦᠯᠵᠢᠰ ᠤᠨ ᠪᠢᠴᠢᠭ ᠢ ᠡᠮᠬᠢᠳᠭᠡᠨ ᠰᠣᠳᠤᠯᠤᠭᠰᠠᠨ ᠨᠢ |
Creator |
ᠤᠯᠠᠭᠠᠨ |
Keyword |
ᠬᠤᠷᠴᠢᠨ ᠵᠡᠬᠦᠨ ᠭᠠᠷᠤᠨ ᠬᠤᠢᠲᠤ ᠬᠤᠰᠢᠭᠤ; ᠸᠠᠩ ᠬᠦᠩ; ᠦᠶ ᠠ ᠰᠦᠯᠵᠢᠰ |
Abstract |
ᠦᠭᠦᠯᠡᠯ ᠳ᠋ᠤ18ᠳ᠋ᠤᠭᠠᠷ ᠵᠠᠭᠤᠨ ᠤ ᠮᠣᠩᠭᠤᠯ ᠲᠡᠦᠭᠡᠨ ᠪᠢᠴᠢᠭ᠂ ᠴᠢᠩ ᠤᠤᠯᠰ ᠤᠨ ᠠᠯᠪᠠᠨ ᠡᠴᠡ ᠨᠠᠢᠷᠠᠭᠤᠯᠤᠯᠭᠰᠠᠨ ᠲᠡᠦᠭᠡᠨ ᠪᠢᠴᠢᠭ᠂ ᠮᠣᠩᠭᠤᠯ ᠸᠠᠩ ᠬᠦᠩ ᠤᠨ ᠭᠡᠷ ᠤᠨ ᠦᠶ ᠠ ᠶᠢᠨ ᠪᠢᠴᠢᠮᠡᠯ ᠵᠡᠷᠭᠡ ᠲᠡᠦᠭᠡᠨ ᠰᠤᠷᠪᠤᠯᠵᠢᠰ ᠲᠤ ᠲᠡᠮᠳᠡᠭᠯᠡᠵᠦ ᠪᠦᠬᠦᠢ ᠬᠤᠷᠴᠢᠨ ᠵᠠᠭᠦᠨ ᠭᠠᠷᠤᠨ ᠬᠤᠢᠲᠤ ᠬᠤᠰᠢᠭᠤᠨ ᠤ ᠸᠠᠩ ᠭᠦᠩ ᠤᠨ ᠦᠶ ᠠ ᠰᠦᠯᠵᠢᠰ ᠢ ᠲᠠᠨᠢᠯᠴᠠᠭᠤᠤᠯᠤᠨ᠂ ᠬᠠᠷᠢᠴᠠᠭᠤᠯᠵᠤ ᠰᠣᠳᠤᠯᠤᠭᠰᠠᠨ ᠤ ᠰᠠᠭᠤᠷᠢᠨ ᠳ᠋ᠤ᠂ ᠡᠳᠡᠭᠡᠷ ᠲᠡᠦᠭᠡᠨ ᠰᠤᠷᠪᠤᠯᠵᠢᠰ ᠤᠨ ᠲᠠᠪᠠᠭᠤᠯᠢᠭ ᠲᠠᠯ ᠠ ᠵᠢ ᠨᠢ ᠨᠤᠲᠠᠯᠠᠵᠤ᠂ ᠬᠦᠷᠦᠯᠴᠡᠬᠦ ᠦᠭᠡᠢ ᠲᠠᠯ ᠠ ᠵᠢ ᠨᠢ ᠨᠦᠬᠦᠪᠦᠷᠢᠯᠡᠨ᠂ ᠲᠠᠰᠢᠶ ᠠ ᠵᠦᠢᠯᠰ ᠢ ᠨᠢ ᠵᠠᠯᠠᠷᠠᠭᠤᠯᠵᠤ᠂ ᠮᠢᠩᠭᠠᠨ ᠲᠠᠷᠬᠠᠨ ᠨᠤᠶᠠᠨ ᠡᠴᠡ ᠲᠤᠷᠤᠭᠰᠢ13 ᠳ᠋ᠤᠭᠠᠷ ᠦᠶ ᠠ ᠶᠢᠨ ᠬᠡᠰᠢᠭ ᠬᠦᠩ ᠬᠦᠷᠲᠡᠯᠡᠬᠢ ᠦᠶ ᠠ ᠰᠦᠯᠵᠢᠰ ᠢ ᠡᠮᠬᠢᠳᠭᠡᠨ ᠰᠢᠬᠦᠵᠦ᠂ ᠡᠮᠬᠢᠯᠡᠨ ᠲᠡᠮᠳᠡᠭᠯᠡᠭᠰᠡᠨ ᠪᠠᠢᠨ᠎ᠠ᠃ ᠡᠭᠦᠨ ᠤ ᠲᠠᠭᠤ᠂ ᠵᠠᠩᠬᠢᠯᠤᠨ ᠤ ᠲᠤᠬᠠᠢ ᠪᠠ ᠰᠡᠩᠭᠡᠷᠢᠨᠴᠢᠨ ᠤ ᠲᠦᠷᠦᠭᠰᠡᠨ ᠡᠴᠢᠭᠡ ᠶᠢᠨ ᠭᠠᠷᠤᠯ ᠢᠷᠡᠯ᠂ ᠦᠶ ᠠ ᠵᠠᠯᠭᠠᠮᠵᠢ᠂ ᠦᠷᠡᠴᠢᠯᠡᠭᠰᠡᠨ ᠡᠴᠢᠭᠡ ᠶᠢᠨ ᠦᠷ ᠠ ᠬᠡᠦᠭᠡᠳ ᠤᠨ ᠪᠠᠢᠳᠠᠯ ᠵᠡᠷᠭᠡ ᠠᠰᠠᠭᠤᠳᠠᠯ ᠢ ᠲᠤᠳᠤᠯᠠᠨ ᠦᠭᠦᠯᠡᠭᠰᠡᠨ ᠪᠠᠢᠨ᠎ᠠ᠃ |
Original Literature |
View Original Paper
|
出自 |
内蒙古社会科学(蒙文版)
2019年
第1期
|