Title |
ᠮᠣᠩᠭᠤᠯ ᠬᠠᠭᠠᠨᠲᠤ ᠤᠯᠤᠰ ᠤᠨ ᠦᠶ ᠡ ᠳ᠋ᠡᠬᠢ ᠬᠠᠭᠠᠨ ᠤ ᠬᠠᠲᠤᠳ ᠤᠨ ᠬᠠᠭᠠᠨ ᠰᠠᠭᠤᠷᠢᠨ ᠤ ᠵᠠᠯᠭᠠᠮᠵᠢᠯᠠᠯ ᠤᠨ ᠠᠰᠠᠭᠤᠳᠠᠯ ᠳ᠋ᠤ ᠦᠵᠡᠭᠦᠯᠦᠭᠰᠡᠨ ᠨᠦᠯᠦᠭᠡ ᠦᠢᠯᠡᠳᠦᠯ ᠢ ᠮᠦᠴᠢᠳᠭᠡᠨ ᠦᠭᠦᠯᠡᠬᠦ ᠨᠢ |
Creator |
ᠪᠠᠢ ᠢᠤᠢ ᠱᠤᠸᠠᠩ |
Keyword |
ᠮᠣᠩᠭᠤᠯ ᠬᠠᠭᠠᠨᠲᠤ ᠤᠯᠤᠰ ;ᠬᠠᠭᠠᠨ ᠤ ᠬᠠᠲᠤᠳ ;ᠬᠠᠭᠠᠨ ᠰᠠᠭᠤᠷᠢᠨ ᠤ ᠵᠠᠯᠭᠠᠮᠵᠢᠯᠠᠯ |
Abstract |
ᠪᠦᠬᠦᠢᠯᠡ ᠮᠣᠩᠭᠤᠯ ᠬᠠᠭᠠᠨᠲᠤ ᠤᠯᠤᠰ ᠵᠢᠴᠢ ᠶᠤᠸᠠᠨ ᠤᠯᠤᠰ ᠤᠨ ᠦᠶ᠎ᠠ ᠶᠢᠨ ᠨᠤᠶᠠᠷᠬᠠᠭᠴᠢ ᠪᠦᠯᠬᠦᠮ ᠤᠨ ᠲᠤᠳᠤᠭᠠᠲᠤ ᠶᠢᠨᠵᠦᠷᠢᠴᠡᠯ ᠮᠦᠷᠭᠦᠯᠳᠦᠭᠡᠨ ᠤ ᠭᠤᠤᠯ ᠴᠢᠭ ᠨᠢ᠂ ᠠᠯᠲᠠᠨ ᠤᠷᠤᠭᠲᠠᠨ ᠤ ᠲᠤᠳᠤᠭᠠᠳᠤᠬᠢ ᠬᠠᠭᠠᠨ ᠰᠠᠭᠤᠷᠢᠨ ᠢ ᠪᠣᠯᠢᠶᠠᠯᠳᠤᠬᠤ ᠶᠠᠪᠤᠳᠠᠯ ᠳ᠋ᠤ ᠲᠦᠪᠯᠡᠷᠡᠵᠦ ᠪᠠᠢᠪᠠ᠃ ᠲᠡᠷᠡ ᠮᠦᠷᠲᠡᠭᠡᠨ ᠂ ᠴᠢᠩᠬᠢᠰ ᠬᠠᠭᠠᠨ ᠮᠣᠩᠭᠤᠯ ᠬᠠᠭᠠᠨᠲᠤ ᠤᠯᠤᠰ ᠢ ᠪᠠᠢᠭᠤᠯᠤᠭᠰᠠᠨ ᠡᠴᠡ ᠤᠬᠠᠭᠠᠨᠲᠤ ᠬᠠᠭᠠᠨ ᠲᠤᠭᠤᠨᠲᠡᠮᠦᠷ ᠬᠦᠷᠲᠡᠯᠡᠬᠢ 130 ᠭᠠᠷᠤᠢ ᠵᠢᠯ ᠤᠨ ᠬᠤᠭᠤᠷᠤᠨᠲᠦ᠂ ᠬᠠᠭᠠᠨ ᠰᠠᠭᠤᠷᠢᠨ ᠤᠯᠠᠨ ᠤᠳᠠᠭ᠎ᠠ ᠰᠣᠯᠢᠭᠲᠠᠨ᠂ ᠵᠦᠷᠢᠴᠡᠯ ᠮᠦᠷᠬᠦᠯᠳᠦᠭᠡᠨ ᠲᠠᠰᠤᠷᠠᠯ ᠦᠭᠡᠢ ᠬᠤᠷᠴᠠᠳᠴᠦ ᠪᠠᠢᠵᠠᠢ᠃ ᠲᠤᠰ ᠬᠤᠭᠤᠴᠠᠭᠠᠨ ᠳ᠋ᠡᠬᠢ ᠬᠠᠭᠠᠨ ᠰᠠᠭᠤᠷᠢᠨ ᠤ ᠵᠠᠯᠭᠠᠮᠵᠢᠯᠠᠯ ᠤᠨ ᠤᠮᠳᠤᠭᠠᠢᠯᠠᠵᠤ ᠪᠣᠯᠤᠰᠢ ᠦᠭᠡᠢ ᠴᠢᠬᠤᠯᠠ ᠨᠢᠭᠡᠨ ᠤᠨᠴᠠᠯᠢᠭ ᠪᠣᠯ ᠲᠠᠷᠤᠢ᠂ ᠲᠣᠬᠠᠢ ᠶᠢᠨ ᠦᠶ ᠡ ᠶᠢᠨ ᠬᠠᠲᠤᠳ ᠤᠨᠬᠠᠭᠠᠨ ᠲᠦᠷᠦ ᠳ᠋ᠤ ᠦᠵᠡᠬᠦᠯᠦᠭᠰᠡᠨ ᠨᠦᠯᠦᠭᠡ ᠦᠢᠯᠡᠳᠦᠯ ᠪᠣᠯᠤᠨ᠎ᠠ᠃ ᠡᠨᠡᠬᠦ ᠪᠠᠢᠳᠠᠯ ᠢ ᠴᠢᠩᠬᠢᠰ ᠬᠠᠭᠠᠨ᠂ ᠦᠭᠡᠳᠡᠢ ᠬᠠᠭᠠᠨ ᠢ ᠲᠠᠮᠵᠢᠭᠠᠳ ᠮᠣᠩᠭᠤᠯ ᠬᠠᠭᠠᠨᠲᠤ ᠲᠦᠷᠦ ᠶᠢᠨ ᠭᠤᠷᠪᠠᠳᠤᠭᠠᠷ ᠦᠶ ᠠ ᠶᠢᠨ ᠶᠡᠬᠡ ᠬᠠᠭᠠᠨ ᠬᠦᠶᠦᠭ ᠤᠨ ᠰᠠᠭᠤᠷᠢᠨ ᠵᠠᠯᠭᠠᠮᠵᠢᠯᠠᠬᠤ ᠦᠶ ᠠ ᠳ᠋ᠤ ᠬᠦᠷᠦᠭᠡᠳ ᠨᠡᠩ ᠢᠯᠡ ᠲᠤᠳᠤᠷᠬᠠᠢ ᠪᠣᠯᠵᠠᠢ᠃ |
Original Literature |
No Original Paper
|
出自 |
蒙古学研究
1998年
第2期
|