Title |
ᠪᠦᠭᠡᠷᠡᠩᠬᠡᠢ ᠪᠠᠭᠠᠨ᠎ᠠ ᠬᠡᠯᠪᠡᠷᠢᠳᠤ ᠯᠤᠩᠬᠤᠨ ᠳᠡᠭᠡᠷ᠎ᠡ ᠦᠩᠭᠦᠷᠢᠭᠦᠯᠤᠨ ᠳᠠᠷᠤᠬᠤ ᠠᠷᠭ᠎ᠠ ᠪᠡᠷ ᠬᠦᠯ ᠤᠨ ᠤᠯᠠ ᠶᠠᠰᠤᠨ ᠤ ᠬᠤᠭᠤᠷᠠᠯ ᠢ ᠤᠷᠤᠰᠢᠭᠤᠯᠤᠭᠰᠠᠨ 10 ᠵᠢᠱᠢᠶ ᠠ |
Creator |
ᠬᠤᠷᠢᠨᠲᠠᠪᠤᠨ; ᠡᠷᠳᠡᠨᠢᠰᠠᠩ |
Keyword |
ᠶᠶᠠᠰᠤᠨ ᠤ ᠬᠤᠭᠤᠷᠠᠯ; ᠬᠦᠢ ᠤᠨ ᠤᠯᠠ ᠶᠠᠰᠤ; ᠯᠤᠩᠬᠤᠨ ᠳᠡᠭᠡᠷ᠎ᠡ ᠦᠩᠭᠦᠷᠢᠭᠦᠯᠤᠨ ᠳᠠᠷᠤᠬᠤ ᠠᠷᠭ᠎ᠠ;ᠤᠷᠤᠰᠢᠭᠤᠯᠬᠠ ᠭᠠᠷ ᠠᠪᠤᠯᠭ᠎ᠠ |
Abstract |
ᠬᠦᠯ ᠤᠨ ᠤᠯᠠ ᠶᠠᠰᠤᠨ ᠤ ᠪᠠᠢ᠋ᠷᠢ ᠰᠢᠯᠵᠢᠭᠰᠡᠨ ᠬᠤᠭᠤᠷᠠᠯ ᠢ ᠤᠷᠤᠰᠢᠭᠤᠯᠬᠤ ᠳᠤᠬᠢᠷᠠᠮᠵᠢᠳᠠᠢ ᠠᠷᠭ᠎ᠠ ᠵᠢ ᠡᠷᠢᠯᠬᠢᠯᠡᠬᠦ ᠶᠢᠨ ᠲᠦᠯᠦᠭᠡ᠂ ᠮᠤᠩ᠌ᠭᠤᠯ ᠠᠨᠠᠭᠠᠬᠤ ᠤᠬᠠᠭᠠᠨ ᠤ ᠤᠯᠠᠮᠵᠢᠯᠠᠯᠳᠤ ᠶᠠᠰᠤᠨ ᠵᠠᠰᠠᠯ ᠤᠨ ᠯᠤᠩᠬᠤᠨ ᠳᠡᠭᠡᠷ᠎ᠡ ᠦᠩᠭᠦᠷᠢᠭᠦᠯᠦᠨ ᠳᠠᠷᠤᠬᠤ ᠠᠷᠭ᠎ᠠ ᠪᠡᠷ 10 ᠵᠢᠱᠢᠶ᠎ᠠ ᠬᠦᠯ ᠤᠨ ᠤᠯᠠ ᠶᠠᠰᠤᠨ ᠤ ᠬᠤᠭᠤᠷᠠᠯ ᠢ ᠤᠷᠤᠰᠢᠭᠤᠯᠪᠠ᠃ ᠡᠭᠦᠨ ᠤ ᠳ᠋ᠦᠩ ᠳᠤ ᠂ ᠬᠤᠭᠤᠷᠠᠯ ᠤᠨ ᠪᠠᠢ᠌ᠷᠢ ᠱᠤᠭᠤᠮ ᠨᠢ ᠠᠨᠠᠲ᠋ᠤᠮᠢ ᠶᠢᠨ ᠪᠠᠢ᠌ᠷᠢ ᠋ᠳ᠋ᠠᠭᠠ ᠤᠷᠤᠨᠰᠢᠭᠰᠠᠨ ᠨᠢ 7 ᠵᠢᠱᠢᠶ᠎ᠠ᠂ ᠠᠨᠠᠲ᠋ᠤᠮᠢ ᠶᠢᠨ ᠪᠠᠢ᠌ᠷᠢ ᠳ᠋ᠠᠭᠠᠨ ᠤᠷᠤᠨᠰᠢᠬᠤ ᠦᠢᠷᠠᠳᠤᠭᠰᠠᠨ ᠨᠢ 3ᠵᠢᠱᠢᠶ᠎ᠠ ᠪᠤᠢ᠃ ᠲᠤᠰ ᠵᠠᠰᠠᠯ ᠳᠤ ᠬᠡᠷᠡᠭᠯᠡᠬᠦ ᠪᠠᠭᠠᠵᠢ ᠬᠡᠷᠡᠭᠰᠡᠯ ᠨᠢ ᠳᠦᠭᠦᠮ᠂ ᠵᠠᠰᠠᠯ ᠬᠢᠬᠦ ᠳᠤ ᠭᠠᠵᠠᠷ ᠤᠷᠤᠨ ᠤ ᠨᠦᠬᠦᠴᠡᠯ ᠳᠤ ᠬᠢᠵᠠᠭᠠᠷᠯᠠᠭᠳᠠᠬᠤ ᠦᠭᠡᠢ᠂ ᠠᠵᠤ ᠠᠬᠤᠢ ᠶᠢᠨ ᠦᠷᠳᠡᠭ ᠨᠢ ᠬᠢᠮᠳᠡ᠂ ᠪᠡᠷᠳᠡᠯ ᠤᠨ ᠬᠡᠰᠡᠭ ᠤᠨ ᠵᠦᠭᠡᠯᠡᠨ ᠨᠡᠬᠡᠳᠡᠰᠤ ᠵᠢ ᠬᠡᠮᠳᠦᠬᠡᠬᠦ ᠪᠡᠷ ᠪᠠᠭ᠎ᠠ ᠪᠦᠭᠡᠳ ᠲᠡᠷᠡ ᠨᠢ ᠬᠦᠰᠢᠬᠦᠷᠭᠡ ᠶᠢᠨ ᠦᠢᠯᠡᠳᠤᠯ᠂ ᠢᠯᠡᠩ᠌ᠭᠤᠶᠠ ᠠᠮᠢᠳᠤ ᠪᠤᠳᠠᠰ ᠤᠨ ᠬᠦᠴᠤᠨ ᠤᠬᠠᠭᠠᠨ ᠤ ᠦᠨᠳᠤᠰᠤᠯᠡᠯ ᠢ ᠬᠦᠢᠴᠡᠳ ᠠᠰᠢᠭᠯᠠᠭᠰᠠᠨ ᠵᠠᠰᠠᠯ ᠪᠤᠯᠬᠤ ᠲᠤᠯᠠ ᠬᠦᠯ ᠤᠨ ᠤᠯᠠ ᠶᠠᠰᠤᠨ ᠤ ᠬᠡᠮᠳᠤᠯ ᠢ ᠤᠷᠤᠨᠰᠢᠭᠤᠯᠬᠤ ᠳᠤ ᠮᠠᠰᠢ ᠳᠤᠬᠢᠷᠠᠨ᠎ᠠ᠃ ᠡᠢ᠌ᠨ ᠬᠦ᠂ ᠲᠤᠰ ᠵᠠᠰᠠᠯ ᠢ ᠡᠮᠴᠢᠯᠡᠬᠡᠨ ᠳᠡᠭᠡᠷ᠎ᠡ ᠰᠠᠢ᠌ᠳᠤᠷ ᠵᠠᠯᠭᠠᠮᠵᠢᠯᠠᠨ ᠬᠡᠷᠡᠭᠯᠡᠵᠤ᠂ ᠴᠠᠭᠠᠰᠢᠳᠠ ᠬᠦᠭᠵᠢᠬᠦᠯᠪᠡᠯ ᠵᠤᠬᠢᠨ᠎ᠠ᠃ |
Original Literature |
View Original Paper
|
出自 |
内蒙古民族大学学报(蒙医药学)
2005年
第1期
|