Paper Information


Title ᠵᠤᠢᠷ ᠰᠡᠴᠡᠨ ᠦᠭᠡ ᠵᠤᠬᠢᠶᠠᠯ ᠤᠨ ᠬᠡᠯᠡᠨ ᠦ ᠬᠦᠷᠦᠰᠦ ᠰᠢᠷᠦᠢ ᠪᠤᠯᠬᠤ ᠲᠤᠬᠠᠢ — ᠢᠨᠵᠠᠨᠨ᠋ᠠᠰᠢ ᠶᠢᠨ ᠵᠤᠢᠷ᠂ ᠰᠡᠴᠡᠨ᠂ ᠰᠤᠷᠭ᠋ᠠᠯ ᠦᠭᠡ ᠶᠢ ᠬᠡᠷᠡᠭᠯᠡᠭᠰᠡᠨ ᠠᠷᠭ᠎ᠠ ᠪᠠᠷᠢᠯ
Creator ᠳ᠋ᠧᠰᠧᠷᠡᠢᠵᠠᠪ
Keyword
Abstract ᠢᠨᠵᠠᠨᠨ᠋ᠠᠰᠢ ᠶᠢᠨ ᠵᠤᠬᠢᠶᠠᠯ ᠤᠨ ᠬᠡᠯᠡ ᠬᠡᠯᠡᠯᠭᠡ ᠶᠢᠨ ᠬᠤᠷᠴᠠ ᠪᠠᠶᠠᠯᠢᠭ᠂ ᠤᠷᠠᠨ ᠳᠦᠷᠰᠦᠯᠢᠭ᠂ ᠠᠢᠵᠠᠮ ᠴᠤᠬᠢᠯᠭ᠎ᠠ ᠲᠠᠢ ᠪᠦᠭᠡᠳ ᠲᠤᠪᠴᠢ ᠣᠨ᠋ᠣᠪᠴᠢᠲᠠᠢ ᠪᠠᠢᠬᠤ ᠨᠢ ᠣᠯᠠᠨ ᠲᠠᠯ᠎ᠠ ᠶᠢᠨ ᠨᠦᠬᠦᠴᠡᠯ ᠦᠨ ᠰᠢᠯᠳᠠᠭ᠋ᠠᠯᠠᠪᠠᠴᠤ ᠠᠷᠠᠳ ᠤᠨ ᠪᠠ ᠪᠢᠴᠢᠭ ᠦᠨ ᠵᠤᠬᠢᠶᠠᠯ ᠳᠤᠲᠤᠷ᠎ᠠ ᠤᠯᠠᠮᠵᠢᠯᠠᠨ ᠲᠡᠮᠳᠡᠭᠯᠡᠯᠭᠰᠡᠨ ᠵᠤᠢᠷ᠂ ᠰᠡᠴᠡᠨ᠂ ᠰᠤᠷᠭ᠋ᠠᠯ ᠦᠭᠡ ᠶᠢ ᠤᠷᠠᠨ ᠬᠡᠷᠡᠭᠯᠡᠵᠦ᠂ ᠡᠭᠦᠨ ᠦ ᠰᠠᠭ᠋ᠤᠷᠢᠨ ᠳᠡᠭᠡᠷ᠎ᠡ ᠤᠯᠠᠮᠵᠢᠯᠠᠨ ᠠᠰᠢᠭᠯᠠᠵᠤ ᠦᠭᠡᠳᠡᠴᠢᠯᠡᠨ ᠵᠤᠬᠢᠶᠠᠭᠰᠠᠨ ᠨᠢ ᠭᠠᠢᠬᠠᠯᠲᠠᠢ᠃ (ᠨᠢᠭᠡ) ᠵᠤᠬᠢᠶᠠᠯ ᠤᠨ ᠪᠠᠭ᠋ᠠᠲᠤᠷ ᠳᠦᠷᠢ ᠶᠢ ᠲᠤᠳᠤ ᠳᠤᠪᠤᠭ᠋ᠤᠷ ᠪᠦᠲᠦᠭᠡᠬᠦ ᠳᠡᠭᠡᠨ᠂ (ᠬᠤᠶᠠᠷ) ᠵᠤᠬᠢᠶᠠᠯ ᠤᠨ ᠪᠠᠭ᠋ᠠᠲᠤᠷ ᠤᠨ ᠬᠤᠭ᠋ᠤᠷᠤᠨᠳᠤᠬᠢ ᠬᠠᠷᠢᠴᠠᠭ᠎ᠠ ᠪᠠᠷ ᠵᠠᠩ ᠴᠢᠨ᠋ᠠᠷ ᠢ ᠵᠤᠢᠴᠢᠯᠡᠵᠦ᠂ ᠦᠢᠯᠡ ᠶᠠᠪᠤᠳᠠᠯ ᠢᠶᠠᠨ ᠤᠯᠠᠷᠢᠭ᠋ᠤᠯᠤᠨ᠂ ᠵᠤᠬᠢᠶᠠᠮᠵᠢ ᠪᠠᠨ ᠤᠷᠠᠨ ᠴᠢᠳᠠᠮᠠᠭ᠋ᠠᠢ ᠪᠠᠢᠷᠢᠯᠠᠭ᠋ᠤᠯᠬᠤ ᠳᠤ᠂ (ᠭᠤᠷᠪᠠ) ᠤᠷᠢᠳᠠᠬᠢ ᠬᠦᠮᠦᠰ ᠦᠨ ᠦᠯᠡᠳᠡᠭᠡᠭᠰᠡᠨ ᠰᠢᠮ᠎ᠡ ᠲᠡᠢ ᠵᠤᠢᠯ ᠢ ᠰᠢᠩᠭᠡᠭᠡᠨ ᠠᠪᠴᠤ ᠰᠢᠯᠢᠳᠡᠭᠵᠢᠭᠦᠯᠦᠨ ᠴᠢᠨ᠋ᠠᠷᠴᠢᠭ᠋ᠤᠯᠬᠤ ᠳᠠᠭ᠋ᠠᠨ᠂ (ᠳᠦᠷᠪᠡ) ᠦᠨᠳᠦᠰᠦᠲᠡᠨ ᠦ ᠰᠤᠶᠤᠯ ᠤᠨ ᠦᠪ ᠤᠯᠠᠮᠵᠢᠯᠠᠯ ᠢᠶᠠᠨ ᠠᠰᠢᠭᠯᠠᠵᠤ᠂ ᠬᠡᠯᠡᠨ ᠦ ᠪᠠᠶᠠᠯᠢᠭᠵᠢᠯ ᠢᠶᠠᠨ ᠪᠤᠯᠪᠠᠰᠤᠷᠠᠭ᠋ᠤᠯᠬᠤ ᠳᠤ ᠴᠦᠮ ᠵᠤᠢᠷ᠂ ᠰᠡᠴᠡᠨ᠂ ᠰᠤᠷᠭ᠋ᠠᠯ ᠦᠭᠡ ᠶᠢᠨ ᠦᠪ ᠠᠭ᠋ᠤᠷᠬᠠᠢ ᠶᠢ ᠦᠨ᠋ᠡᠨᠴᠢ ᠬᠢᠴᠢᠶᠡᠩᠭᠦᠢ ᠬᠠᠢᠨ ᠨᠡᠭᠡᠭᠡᠵᠦ᠂ ᠰᠢᠷᠭ᠋ᠠᠭ᠋ᠤ ᠬᠠᠲᠠᠭ᠋ᠤᠵᠢᠯᠲᠠᠢ ᠰᠢᠮᠳᠡᠨ ᠪᠤᠯᠪᠠᠰᠤᠷᠠᠭ᠋ᠤᠯᠬᠤ ᠪᠢᠯᠡ᠃
Original Literature No Original Paper
出自 内蒙古民族大学学报(社会科学) 1985年 第3期

联系我们


内蒙古大学图书馆
呼和浩特市大学西路235号
中国·内蒙古
P: (0471) 4992561
E: huangfeilong@imu.edu.cn