Title |
ᠬᠠᠲᠤᠪᠤ ᠬᠠᠰᠠᠷ ᠤᠨ ᠳᠣᠭᠰᠢᠨ ᠳᠦᠷᠢ ᠪᠠ ᠠᠮᠤᠷᠯᠢᠩ᠋ᠭᠤᠢ ᠳᠦᠷᠢ ᠬᠤᠶᠠᠷ ᠵᠤᠶᠢᠯ ᠤᠨ ᠬᠦᠷᠦᠭ ᠦᠨ ᠤᠴᠢᠷ |
Creator |
ᠪᠠ᠂ ᠮᠦᠩᠬᠡ |
Keyword |
ᠬᠠᠰᠠᠷ ᠤᠨ ᠬᠦᠷᠦᠭ; ᠲᠡᠦᠬᠡ ᠶᠢᠨ ᠦᠨᠡᠨ; ᠬᠠᠷᠢ ᠰᠤᠶᠤᠯ ᠤᠨ ᠨᠦᠯᠦᠭᠡ |
Abstract |
ᠦᠭᠦᠯᠡᠯ ᠳᠦ ᠵᠤᠬᠢᠶᠠᠭᠴᠢ ᠠᠴᠠ ᠬᠠᠰᠠᠷ ᠤᠨ ᠳᠣᠭᠰᠢᠨ ᠳᠦᠷᠢ ᠪᠡ ᠠᠮᠤᠷᠯᠢᠭᠩ᠋ᠭᠤᠢ ᠳᠦᠷᠢ ᠭᠡᠬᠦ ᠬᠤᠶᠠᠷ ᠵᠤᠶᠢᠯ ᠤᠨ ᠬᠦᠷᠦᠭ ᠢ ᠤᠷᠠᠯᠠᠵᠤ ᠪᠦᠲᠦᠭᠡᠭ᠍ᠳᠡᠭᠰᠡᠨ ᠲᠡᠦᠬᠡᠨ ᠦᠨᠳᠦᠰᠦ ᠰᠢᠯᠲᠠᠭᠠᠨ ᠢ ᠤᠬᠤᠴᠢᠯᠠᠨ ᠰᠤᠳᠤᠯᠤᠭᠠᠳ᠂ ᠡᠨᠡ ᠪᠤᠯ ᠮᠣᠩᠭᠣᠯ ᠲᠡᠦᠬᠡ ᠪᠢᠴᠢᠯᠭᠡ ᠳᠡᠬᠢ ᠬᠠᠰᠠᠷ ᠤᠨ ᠵᠠᠩ ᠴᠢᠨᠠᠷ ᠤᠨ ᠬᠤᠶᠠᠳᠠᠮᠠᠯ ᠰᠢᠨᠵᠢ ᠶᠢᠨ ᠦᠨᠳᠦᠰᠦᠨ ᠳᠡᠭᠡᠷ᠎ᠡ ᠬᠢᠲᠠᠳ ᠤᠨ ᠡᠷᠲᠡᠨ ᠦ ᠰᠤᠩ᠋ᠭᠤᠳᠠᠭ ᠷᠤᠮᠠᠨ ᠪᠤᠯᠬᠤ 《ᠭᠤᠷᠪᠠᠨ ᠤᠯᠤᠰ ᠤᠨ ᠦᠯᠢᠭᠡᠷ》 ᠲᠡᠬᠢ ᠭᠤᠸᠠᠨ ᠬᠦᠩ ᠤᠨ ᠤᠷᠠᠨ ᠳᠦᠷᠢ ᠪᠤᠯᠤᠨ ᠪᠤᠳᠠᠳ᠋ᠾᠠ ᠶᠢᠨ ᠱᠠᠰᠢᠨ ᠤ ᠢᠳᠡᠮ ᠪᠤᠷᠬᠠᠳ᠂ ᠳᠣᠭᠰᠢᠳ ᠰᠠᠬᠢᠭᠤᠯᠰᠤᠨ ᠤ ᠠᠵᠢᠯ ᠲᠦᠷᠦᠯ ᠦᠨ ᠬᠤᠪᠢᠶᠠᠷᠢᠯᠠᠯ ᠤᠨ ᠤᠨᠴᠠᠯᠢᠭ᠂ ᠵᠢᠷᠤᠭ ᠱᠤᠭᠤᠮᠠᠯ ᠤᠳ ᠤᠨ ᠬᠢᠨᠢ ᠭᠠᠯᠪᠢᠷ ᠳᠦᠷᠬᠦ ᠰᠡᠯᠲᠡ ᠶᠢ ᠬᠠᠰᠠᠷ ᠤᠨ ᠪᠠᠶᠠᠨ ᠳᠡᠭᠡᠷ᠎ᠡ ᠰᠢᠩᠭᠡᠭᠡᠵᠦ ᠤᠷᠭᠤᠭᠤᠯᠤᠭᠠᠳ ᠵᠢᠷᠤᠵᠤ ᠪᠦᠲᠦᠭᠡᠭ᠍ᠰᠡᠨ ᠤᠷᠠᠨ ᠪᠦᠲᠦᠭᠡᠯ᠂ ᠦᠭᠡᠷ᠎ᠡ ᠪᠡᠷ ᠬᠡᠯᠡᠪᠡᠯ ᠲᠡᠦᠬᠡᠲᠦ ᠬᠦᠮᠦᠨ ᠪᠡ ᠤᠷᠠᠨ ᠳᠦᠷᠢ᠂ ᠮᠣᠩᠭᠣᠯ ᠰᠤᠶᠤᠯ ᠪᠠ ᠬᠠᠷᠢ ᠰᠤᠶᠤᠯ᠂ ᠡᠷᠲᠡᠨ ᠡᠳᠦᠭᠡ ᠶᠢ ᠮᠠᠰᠢ ᠤᠷᠠᠨ ᠨᠠᠷᠢᠯᠢᠭ ᠢᠶᠠᠷ ᠠᠭᠤᠰᠬᠠᠵᠤ ᠨᠡᠪᠴᠢᠷᠡᠭᠦᠯᠦᠨ ᠪᠦᠲᠦᠭᠡᠭ᠍ᠰᠡᠨ ᠣᠯᠠᠨ ᠲᠠᠯᠠᠲᠤ ᠰᠢᠨᠵᠢ ᠪᠦᠬᠦᠢ ᠤᠯᠤᠰ ᠲᠦᠷᠦ ᠶᠢᠨ ᠭᠦᠨ ᠳᠠᠯᠳᠠ ᠤᠳᠬᠠᠲᠤ ᠰᠤᠳᠤᠨ ᠪᠦᠲᠦᠭᠡᠯ ᠪᠤᠯᠤᠨ᠎ᠠ ᠭᠡᠰᠡᠨ ᠦᠵᠡᠯᠲᠡ ᠶᠢ ᠳᠤᠷᠠᠳᠴᠤ ᠳᠡᠪᠰᠢᠭᠦᠯᠦᠭᠰᠡᠨ ᠪᠠᠶᠢᠨ᠎ᠠ᠃ |
Original Literature |
View Original Paper
|
出自 |
蒙古学研究
2005年
第1期
|