Paper Information


Title ᠮᠣᠩᠭᠤᠯ ᠠᠨᠠᠭᠠᠬᠤ ᠤᠬᠠᠭᠠᠨ ᠳᠤ ᠬᠢ 《ᠬᠤᠶᠠᠩ ᠡᠪᠡᠳᠴᠢᠨ》 ᠤ ᠲᠤᠬᠠᠢ ᠦᠭᠦᠯᠡᠬᠦ ᠨᠢ
Creator ᠵᠤᠤ ᠪᠠᠢ ᠰᠦᠢ; ᠪᠤᠶᠠᠨᠲᠤ
Keyword ᠦᠪᠦᠷ ᠮᠣᠩᠭᠤᠯ ᠤᠨ ᠦᠨᠳᠦᠰᠦᠲᠡᠨ ᠦ ᠶᠡᠬᠡ ᠰᠤᠷᠭᠠᠭᠤᠯᠢ ᠶᠢᠨ ᠮᠣᠩᠭᠤᠯ ᠡᠮ ᠡᠮᠨᠡᠯᠭᠡ ᠶᠢᠨ ᠰᠤᠳᠤᠯᠭᠠᠨ ᠤ ᠲᠦᠪ
Abstract 《ᠠᠨᠠᠭᠠᠬᠤ ᠤᠬᠠᠭᠠᠨ ᠤ ᠲᠦᠷᠪᠡᠨ ᠦᠨᠳᠦᠰᠦ》 ᠵᠡᠷᠭᠡ ᠡᠷᠲᠡᠨ ᠦ ᠲᠦᠪᠡᠳ ᠠᠨᠠᠭᠠᠬᠤ ᠤᠬᠠᠭᠠᠨ ᠤ ᠵᠤᠬᠢᠶᠠᠯ ᠮᠣᠩᠭᠤᠯ ᠢᠶᠠᠷ ᠣᠷᠴᠢᠭᠤᠯᠤᠭᠳᠠᠨ ᠬᠡᠪᠯᠡᠭᠳᠡᠬᠦ ᠶᠢ ᠳᠠᠭᠠᠯᠳᠤᠨ᠂ ᠲᠡᠳᠡᠭᠡᠷ ᠵᠤᠬᠢᠶᠠᠯ ᠳᠤ ᠬᠢ ᠲᠦᠪᠡᠳ ᠢᠶᠡᠷ 《ᠽᠠ ᠭᠠᠷ ᠨᠠᠳ》 ᠭᠡᠳᠡᠭ ᠡᠪᠡᠳᠴᠢᠨ ᠦ ᠨᠡᠷ᠎ᠡ ᠶᠢ ᠮᠣᠩᠭᠤᠯ ᠢᠶᠠᠷ ᠣᠷᠴᠢᠭᠤᠯᠬᠤ ᠳᠤ ᠪᠠᠨ 《ᠴᠠᠭᠠᠨ ᠰᠤᠳᠠᠯ ᠤᠨ ᠡᠪᠡᠳᠴᠢᠨ》 ᠪᠤᠶᠤ 《ᠬᠤᠶᠠᠩ ᠡᠪᠡᠳᠴᠢᠨ》᠂ ᠡᠰᠡᠭᠦᠯ᠎ᠡ 《ᠴᠠᠭᠠᠨ ᠬᠤᠶᠠᠩ ᠡᠪᠡᠳᠴᠢᠨ》 ᠭᠡᠬᠦ ᠮᠡᠳᠦᠴᠢᠯᠡᠨ ᠠᠳᠠᠯᠢ ᠪᠤᠰᠤ ᠪᠠᠷ ᠣᠷᠴᠢᠭᠤᠯᠬᠤ ᠪᠤᠯᠵᠤ᠂ ᠴᠠᠭᠠᠰᠢᠯᠠᠭᠠᠳ ᠡᠨᠡ ᠬᠦ ᠦᠶ᠎ᠡ ᠭᠡᠰᠢᠭᠦᠦ ᠳᠦ ᠡᠭᠦᠰᠬᠦ ᠡᠪᠡᠳᠴᠢᠨ ᠦ ᠲᠤᠰᠬᠠᠢ ᠨᠡᠷ᠎ᠡ ᠲᠤᠮᠢᠶ᠎ᠠ ᠶᠢ ᠤᠯᠠᠮ ᠢᠶᠠᠷ ᠤᠳᠬ᠎ᠠ ᠬᠤᠪᠢᠶᠠᠭᠠᠳ ᠲᠠᠷᠢᠬᠢ ᠲᠤᠯᠤᠭᠠᠢ ᠶᠢᠨ ᠬᠤᠶᠠᠩ ᠡᠪᠡᠳᠴᠢᠨ ᠬᠢᠭᠡᠳ ᠲᠤᠳᠤᠷ ᠴᠤᠯᠤ ᠰᠠᠪᠠ ᠶᠢᠨ ᠬᠤᠶᠠᠩ ᠡᠪᠡᠳᠴᠢᠨ ᠪᠤᠯᠤᠨ ᠬᠤᠪᠢᠶᠠᠵᠤ ᠪᠤᠢ᠃ ᠡᠳᠡᠭᠡᠷ ᠦᠵᠡᠯᠲᠡ ᠲᠠᠨᠢᠯᠲᠠ ᠨᠢ ᠰᠤᠷᠪᠤᠯᠵᠢ ᠪᠢᠴᠢᠭ ᠬᠢᠭᠡᠳ ᠮᠣᠩᠭᠤᠯ ᠦᠭᠡᠰ ᠦᠨ ᠤᠳᠬ᠎ᠠ ᠰᠠᠨᠠᠭ᠎ᠠ ᠲᠠᠢ ᠦᠰᠦᠳ ᠦᠭᠡᠷ᠎ᠡ ᠪᠤᠯᠤᠨ ᠬᠤᠪᠢᠶᠠᠵᠤ᠂ ᠮᠣᠩᠭᠤᠯ ᠠᠨᠠᠭᠠᠬᠤ ᠤᠬᠠᠭᠠᠨ ᠤ ᠨᠡᠷ᠎ᠡ ᠲᠤᠮᠢᠶ᠎ᠠ ᠳᠤ ᠬᠤᠳᠬᠤᠯᠳᠤᠯ ᠭᠠᠷᠭᠠᠵᠤ ᠪᠠᠢᠭ᠎ᠠ ᠠᠰᠠᠭᠤᠳᠠᠯ ᠳᠤ ᠴᠢᠭᠯᠡᠭᠦᠯᠦᠨ ᠲᠤᠰ ᠦᠭᠦᠯᠡᠯ ᠢ ᠲᠤᠭᠤᠷᠪᠢᠵᠤ ᠣᠯᠠᠨ ᠮᠡᠷᠭᠡᠳ ᠲᠡᠢ ᠰᠠᠨᠠᠯ ᠰᠤᠯᠢᠯᠴᠠᠬᠤ ᠶᠢ ᠵᠤᠷᠢᠪᠠ᠃
Original Literature No Original Paper
出自 内蒙古民族大学学报(蒙医药学) 2015年 第2期

联系我们


内蒙古大学图书馆
呼和浩特市大学西路235号
中国·内蒙古
P: (0471) 4992561
E: huangfeilong@imu.edu.cn