Title |
ᠮᠤᠩᠭᠤᠯ ᠪᠤᡁᡁᠳᠠ ᠶᠢᠨ ᠱᠠᠰᠢᠨ ᠤ ᠪᠦᠷᠢᠯᠳᠤᠯ ᠵᠢᠴᠢ ᠮᠤᠩᠭᠤᠯ ᠨᠤᠮ ᠤᠩᠰᠢᠯᠭ᠎ᠠ ᠵᠢ ᠬᠡᠷᠬᠢᠨ ᠤᠯᠠᠮᠵᠢᠯᠠᠨ ᠲᠡᠯᠭᠡᠷᠡᠭᠦᠯᠬᠦ ᠶᠢᠨ ᠤᠴᠢᠷ ᠲᠤ- ᠭᠸᠮᠫᠢ᠋ ᠶᠢᠨ ᠰᠦᠮ᠎ᠡ ᠳᠤ ᠮᠤᠩᠭᠤᠯ ᠨᠤᠮ ᠤᠩᠰᠢᠯᠭ᠎ᠠ ᠵᠢ ᠲᠡᠯᠭᠡᠷᠡᠭᠦᠯᠵᠦ ᠪᠠᠢᠭ᠎ᠠ ᠵᠢᠱᠢᠶᠠᠨ ᠲᠡᠭᠡᠷ᠎ᠡ |
Creator |
ᠳ᠋ᠠ • ᠪᠦᠬᠡᠪᠠᠭ᠋ᠠᠳᠤᠷ |
Keyword |
ᠮᠤᠩᠭᠤᠯ ᠪᠤᡁᡁᠳᠠ ᠶᠢᠨ ᠱᠠᠰᠢᠨ; ᠪᠦᠷᠢᠯᠳᠤᠯ; ᠮᠤᠩᠭᠤᠯ ᠨᠤᠮ ᠤᠩᠰᠢᠯᠭ᠎ᠠ |
Abstract |
ᠲᠠᠯᠡᠭᠡᠢ ᠶᠢᠨ ᠭᠤᠷᠪᠠᠨ ᠲᠤᠮᠦ ᠱᠠᠰᠢᠨ ᠤ ᠨᠢᠭᠡᠨ ᠭᠡᠮᠡᠨ ᠠᠯᠳᠠᠷᠰᠢᠭᠰᠠᠨ ᠪᠤᡁᡁᠳᠠ ᠶᠢᠨ ᠱᠠᠰᠢᠨ ᠡᠷᠳᠡᠨ ᠤ ᠡᠨ᠋ᠡᠳᠭᠡ ᠲᠤ ᠡᠭᠦᠰᠦᠭᠡᠳ ᠲᠡᠯᠡᠬᠡᠢ ᠳ᠋ᠠᠬᠢᠨ᠎ᠠ ᠲᠡᠯᠭᠡᠷᠡᠬᠦ ᠶᠠᠪᠤᠴᠠ ᠳᠤ ᠪᠠᠯᠢ ᠬᠡᠯᠡᠨ ᠤ ᠰᠢᠰᠲ᠋ᠸᠮ᠂ ᠬᠢᠳᠡᠳ ᠬᠡᠯᠡᠨ ᠤ ᠰᠢᠰᠲ᠋ᠸᠮ᠂ ᠲᠦᠪᠡᠳ ᠬᠡᠯᠡᠨ ᠤ ᠰᠢᠰᠲ᠋ᠸᠮ ᠬᠡᠬᠦᠴᠢᠯᠡᠨ ᠪᠦᠷᠢᠯᠳᠤᠭᠰᠡᠨ ᠢ ᠡᠷᠳᠡᠮᠳᠡᠳ ᠪᠦᠷ ᠮᠡᠳᠡᠷᠡᠳᠡᠭ ᠪᠤᠯᠪᠠᠴᠦ ᠮᠤᠩᠭᠤᠯ ᠬᠡᠯᠡ ᠪᠡᠷ ᠲᠡᠯᠭᠡᠷᠡᠭᠰᠡᠨ ᠪᠤᡁᡁᠳᠠ ᠶᠢᠨ ᠱᠠᠰᠢᠨ ᠢ ᠦᠯᠦ ᠮᠡᠳᠡᠷᠡᠬᠦ ᠮᠦᠷᠳᠡᠭᠡᠨ ᠲᠡᠬᠦᠨ ᠢ ᠶᠠᠷᠦ ᠳ᠋ᠡᠭᠡᠨ ᠲᠦᠪᠡᠳ ᠬᠡᠯᠡᠨ ᠤ ᠰᠢᠰᠲ᠋ᠸᠮ ᠲᠤ ᠪᠠᠭᠳᠠᠭ᠋ᠠᠨ ᠤᠷᠤᠭ᠋ᠤᠯᠳᠠᠭ᠃ ᠡᠨ᠋ᠡ ᠪᠤᠯ ᠪᠤᠳᠠᠳᠤ ᠪᠠᠢᠳᠠᠯ ᠯᠤᠭ᠎ᠠ ᠦᠯᠤ ᠨᠠᠢᠴᠡᠨᠠ᠃ᠦᠬᠦᠯᠡᠯ ᠳᠤ᠂ ᠮᠤᠩᠭᠤᠯ ᠤᠷᠤᠨ ᠳᠤ ᠲᠡᠯᠭᠡᠷᠡᠭᠰᠡᠨ ᠪᠤᡁᡁᠳᠠ ᠶᠢᠨ ᠱᠠᠰᠢᠨ ᠵᠢᠴᠢ ᠲᠡᠬᠦᠨ ᠤ ᠦᠪᠡᠷ ᠤᠨ ᠤᠨᠴᠠᠯᠢᠭ ᠲᠠᠢ ᠪᠤᠯᠤᠨ ᠪᠦᠷᠢᠯᠳᠤᠭᠰᠡᠨ ᠲᠡᠤᠭᠡᠨ ᠶᠠᠪᠤᠴᠠ ᠵᠢ ᠲᠦᠭᠦᠮ ᠨᠢᠭᠳᠠᠯᠠᠵᠦ᠂ ᠮᠤᠩᠭᠤᠯ ᠨᠤᠮ ᠤᠩᠰᠢᠯᠭ᠎ᠠ ᠶᠢᠨ ᠪᠤᠢ ᠪᠤᠯᠤᠭᠰᠠᠨ ᠪᠠ ᠲᠡᠬᠦᠨ ᠢ ᠮᠤᠩᠭᠤᠯ ᠰᠦᠮ᠎ᠡ ᠬᠡᠢ᠋ᠳ ᠲᠤ ᠬᠡᠷᠬᠢᠨ ᠤᠯᠠᠮᠵᠢᠯᠠᠨ ᠲᠡᠯᠭᠡᠷᠡᠭᠦᠯᠬᠦ ᠶᠢᠨ ᠠᠴᠢ ᠬᠤᠯᠪᠤᠭᠳᠠᠯ ᠤᠨ ᠲᠤᠬᠠᠢ ᠬᠤᠪᠢ ᠶᠢᠨ ᠦᠵᠡᠯᠳᠠ ᠪᠠᠨ ᠲᠤᠷᠠᠳᠪᠠ᠃ |
Original Literature |
View Original Paper
|
出自 |
中国蒙古学
2014年
第3期
|