Abstract |
ᠠᠪᠠᠭ᠎ᠠ ᠠᠪᠠᠬᠠᠨᠠᠷ ᠠᠢᠮᠠᠭ ᠨᠢ ᠡᠷᠲᠡ ᠳᠡᠭᠳᠦ ᠦᠶ᠎ᠡ ᠡᠴᠡ ᠪᠡᠨ ᠮᠣᠩᠭᠤᠯ ᠤᠨ ᠣᠯᠠᠨ ᠤᠭᠰᠠᠭᠠᠲᠠᠨ ᠲᠠᠢ ᠠᠳᠠᠯᠢ ᠨᠠᠢᠷ ᠨᠠᠭᠠᠳᠤᠮ ᠦᠷᠨᠢᠭᠦᠯᠬᠦ ᠳᠦ ᠶᠠᠮᠠᠷ ᠳᠠᠭᠤᠤ ᠪᠠᠷ ᠡᠬᠢᠯᠡᠭᠦᠯᠬᠦ᠂ ᠳᠤᠮᠳᠠ ᠨᠢ ᠶᠠᠮᠠᠷ ᠳᠠᠭᠤᠤ ᠳᠠᠭᠤᠯᠠᠬᠤ᠂ ᠠᠯᠢ ᠳᠠᠭᠤᠤ ᠪᠠᠷ ᠨᠠᠢᠷ ᠢᠶᠠᠨ ᠵᠢᠷᠭᠠᠭᠠᠬᠤ ᠲᠤᠬᠠᠢ ᠮᠠᠰᠢ ᠨᠠᠷᠢᠨ ᠲᠢᠭ ᠵᠢᠷᠦᠮ ᠪᠡ ᠳᠡᠰ ᠳᠠᠷᠠᠭᠠᠯᠠᠯ ᠲᠠᠢ ᠪᠠᠢᠵᠠᠢ᠃ ᠡᠢᠨ ᠬᠦ ᠪᠠᠶᠠᠷ ᠨᠠᠭᠠᠳᠤᠮ᠂ ᠨᠠᠢᠷ ᠬᠤᠷᠢᠮ ᠤᠨ ᠪᠦᠬᠦᠢᠯᠡ ᠶᠠᠪᠤᠴᠠ ᠳᠤ ᠳᠠᠭᠤᠯᠠᠭᠳᠠᠳᠠᠭ ᠲᠤᠰᠬᠠᠢ ᠵᠤᠷᠢᠭᠤᠯᠤᠯᠲᠠ ᠪᠦᠬᠦᠢ ᠶᠤᠰᠤ ᠵᠠᠩᠰᠢᠯ ᠤᠨ ᠤᠴᠢᠷ ᠬᠤᠯᠪᠤᠭᠳᠠᠯ᠂ ᠲᠦᠷᠦ ᠶᠤᠰᠤᠯᠠᠯ᠂ ᠭᠦᠨ ᠬᠦᠨᠳᠦᠳᠭᠡᠯ ᠦᠨ ᠰᠢᠨᠵᠢ ᠲᠡᠢ ᠤᠷᠲᠤ ᠶᠢᠨ ᠳᠠᠭᠤᠤ (ᠴᠤᠭᠤᠷ ᠳᠠᠭᠤᠤ) ᠨᠤᠭᠤᠳ ᠢ ᠶᠡᠷᠦᠩᠬᠡᠢ ᠳᠤᠨᠢ ᠲᠦᠷᠦ ᠶᠢᠨ ᠳᠠᠭᠤᠤ᠂ ᠨᠠᠢᠷ ᠤᠨ ᠬᠦᠨᠳᠦᠳᠭᠡᠯᠲᠦ ᠳᠠᠭᠤᠤ ᠭᠡᠳᠡᠭ᠃ |