Title |
ᠭᠠᠨᠰᠤ᠂ ᠬᠦᠬᠡᠨᠠᠭᠤᠷ ᠪᠣᠯᠤᠨ ᠠᠯᠠᠱᠠ ᠶᠢᠨ 《ᠲᠠᠯᠠᠨ ᠬᠤᠳᠠᠯᠴᠢ ᠶᠢᠨ ᠦᠯᠢᠭᠡᠷ》 ᠢ ᠬᠠᠷᠢᠴᠠᠭᠤᠯᠤᠨ ᠰᠢᠨᠵᠢᠯᠡᠬᠦ ᠨᠢ |
Creator |
ᠮ᠂ᠦᠨᠢᠡᠤᠯᠠᠭᠠᠨ |
Keyword |
《ᠲᠠᠯᠠᠨ ᠬᠤᠳᠠᠯᠴᠠᠢ ᠶᠢᠨ ᠦᠯᠢᠭᠡᠷ》; ᠭᠠᠨᠰᠤ; ᠬᠦᠬᠡᠨᠠᠭᠤᠷ;ᠠᠯᠠᠱᠠ |
Abstract |
ᠭᠠᠨᠰᠤ᠂ᠬᠦᠬᠡᠨᠠᠭᠤᠷ ᠪᠣᠯᠤᠨ ᠦᠪᠦᠷ ᠮᠣᠩᠭ᠋ᠤᠯ ᠤᠨ ᠠᠯᠠᠱᠠ ᠶᠢᠨ 《ᠲᠠᠯᠠᠨ ᠬᠤᠳᠠᠯᠴᠢ ᠶᠢᠨ ᠦᠯᠢᠭᠡᠷ》 ᠭᠤᠤᠯ ᠪᠠᠭᠠᠲᠤᠷ᠂ᠬᠣᠱᠤᠩᠨᠠᠨ ᠢᠯᠡᠴᠢᠯᠡᠭᠰᠡᠨ ᠬᠦᠷᠢᠶ ᠡ ᠬᠡᠪᠴᠢᠶ ᠡ᠂ᠬᠠᠨᠳᠤᠯᠭ᠋ ᠠ ᠪᠣᠳᠠᠲᠠᠢ ᠦᠢᠯᠡ ᠶᠠᠪᠤᠳᠠᠯ᠂ ᠬᠠᠵᠠᠠ ᠣᠷᠤᠨ᠂ ᠨᠡᠷ ᠡ ᠲᠣᠮᠢᠶ ᠠ᠂ᠦᠢᠯᠡᠳᠪᠦᠷᠢᠯᠠᠯ ᠤᠨ ᠬᠡᠯᠪᠡᠷᠢ ᠵᠡᠷᠭᠡ ᠲᠠᠯ ᠠ ᠪᠡᠷ ᠠᠯᠢ ᠣᠯᠠᠨ ᠢᠯᠭᠠᠭ᠋ ᠠ ᠵᠦᠷᠢᠶ ᠡ ᠲᠠᠢ ᠪᠣᠯᠤᠭᠰᠠᠨ ᠪᠣᠯᠪᠠᠴᠤ ᠵᠠᠷᠢᠮ ᠵᠠᠩᠭᠢᠯᠭ᠋ ᠠ ᠶᠢᠨ ᠴᠢᠨᠠᠷᠲᠠᠢ ᠦᠢᠯᠡ ᠶᠠᠪᠤᠳᠠᠯ ᠨᠢ ᠣᠷᠬᠢᠭᠳᠠᠭᠰᠠᠨ ᠦᠭᠡᠢ ᠭᠤᠷᠪᠠᠨ ᠦᠯᠢᠭᠡᠷ ᠲᠤ ᠪᠦᠷ ᠪᠠᠭᠲᠠᠭᠠᠭᠳᠠᠭᠠᠳ ᠪᠠᠢᠢᠭᠰᠠᠨ ᠮᠦᠷᠲᠡᠭᠡᠨ ᠨᠡᠩ ᠬᠤᠳᠠᠯ ᠬᠡᠯᠡᠵᠦ ᠬᠦᠮᠦᠨ ᠢ ᠮᠡᠬᠡᠯᠡᠬᠦ᠂ ᠬᠤᠳᠠᠯ ᠬᠡᠷᠡᠭ ᠵᠣᠬᠢᠶᠠᠵᠤ ᠦᠢᠯᠡᠳᠬᠦ ᠵᠢ ᠬᠣᠱᠤᠩᠨᠠᠨ ᠶᠦᠭᠡᠳᠡᠭᠰᠡᠨ ᠬᠦᠨ ᠭᠦᠨᠵᠡᠭᠡᠢ ᠤᠳᠬ ᠠ ᠰᠠᠨᠠᠭᠠᠨ ᠤ ᠲᠠᠯ ᠠ ᠪᠡᠷ ᠢᠢᠡᠨ ᠲᠤᠩ ᠴᠤ ᠠᠳᠠᠯᠢᠪᠲᠤᠷ ᠪᠠᠢᠢᠳᠠᠭ᠃ ᠡᠨᠡ ᠨᠢ ᠭᠠᠵᠠᠷ ᠪᠦᠷᠢ ᠶᠢᠨ ᠮᠣᠩᠭ᠋ᠤᠯ ᠠᠷᠠᠳ ᠲᠦᠮᠡᠨ ᠪᠦᠷ ᠡᠭᠡᠭᠡ ᠠᠳᠠᠯᠢᠬᠠᠨ ᠢᠢᠡᠷ ᠲᠡᠦᠬᠡᠨ ᠡᠴᠡ ᠨᠠᠰᠢ ᠣᠳᠣ ᠪᠣᠯᠲᠠᠯ ᠠ ᠬᠤᠳᠠᠯ ᠬᠠᠭᠤᠷᠮᠠᠭ ᠬᠦᠮᠦᠨ ᠮᠡᠬᠡᠯᠡᠬᠦ ᠮᠭᠤ ᠮᠠᠭᠤᠬᠠᠢ ᠵᠠᠩᠴᠢᠨᠠᠷ ᠢ ᠢᠮᠠᠭᠲᠠ ᠡᠭᠳᠡᠭᠦᠴᠡᠨ ᠵᠢᠭᠰᠢᠵᠦ᠂ᠦᠨᠡᠨ ᠢ ᠪᠠᠷᠢᠮᠳᠠᠯᠠᠬᠤ ᠰᠠᠢᠢᠨ ᠰᠠᠢᠢᠬᠠᠨ ᠵᠠᠩ ᠴᠢᠨᠠᠷ ᠢ ᠡᠷᠬᠢᠮᠯᠡᠨ ᠪᠠᠷᠢᠮᠲᠠᠯᠠᠵᠤ ᠢᠷᠡᠭᠰᠡᠨ ᠢ ᠭᠦᠢᠴᠡᠳ ᠬᠠᠷᠠᠭᠤᠯᠵᠤ ᠪᠠᠢᠢᠨ᠌ ᠠ᠃ ᠡᠭᠦᠨ ᠢ ᠪᠢᠳᠡ ᠮᠣᠩᠭ᠋ᠤᠯ ᠠᠷᠠᠳ ᠲᠦᠮᠡᠨ ᠤ ᠰᠠᠢᠢᠨ ᠰᠠᠢᠢᠬᠠᠨ ᠶᠣᠰᠤ ᠵᠠᠠᠩᠰᠢᠯ᠂ ᠮᠣᠷᠠᠯ ᠰᠤᠷᠲᠠᠯ᠂ ᠵᠠᠩ ᠰᠤᠷᠲᠠᠬᠤᠨ ᠣ ᠡᠷᠬᠢᠮ ᠨᠠᠨᠳᠢᠨ ᠦᠪ ᠤᠯᠠᠮᠵᠢᠯᠠᠯ᠂ ᠬᠡᠵᠢᠶᠡᠳᠡ ᠨᠠᠨᠳᠢᠩᠨᠠᠨ ᠵᠠᠯᠭᠠᠮᠵᠢᠯᠠᠵᠤ ᠬᠦᠭ᠍ᠵᠢᠬᠦᠯᠦᠨ ᠪᠠᠳᠠᠷᠠᠭᠤᠯᠬᠤ ᠲᠠᠯ ᠠ ᠬᠡᠮᠡᠨ ᠡᠷᠬᠢᠮᠨᠡᠨ ᠦᠵᠡᠭᠦᠵᠢᠲᠡᠢ ᠶᠣᠮ᠃ |
Original Literature |
View Original Paper
|
出自 |
中国蒙古学
2012年
第5期
|