Title |
ᠲᠠᠯ ᠠ ᠨᠤᠲᠤᠭ ᠤᠨ ᠰᠣᠶᠣᠯ ᠢ ᠦᠨᠡᠯᠡᠨ ᠲᠣᠭᠲᠠᠭᠠᠬᠤ ᠪᠠᠷᠢᠮᠵᠢᠶ ᠠ ᠬᠢᠭᠡᠳ ᠲᠡᠭᠦᠨ ᠢ ᠪᠠᠷᠢᠮᠵᠢᠶᠠᠵᠢᠭᠤᠯᠤᠨ ᠨᠤᠲᠠᠯᠠᠬᠤ ᠶᠢᠨ ᠴᠢᠬᠤᠯᠠ ᠴᠢᠨᠠᠷ |
Creator |
ᠸᠠᠩ ᠬᠠᠢ ᠿᠦᠩ |
Keyword |
ᠲᠠᠯ ᠠ ᠨᠤᠲᠤᠭ ᠤᠨ ᠰᠣᠶᠣᠯ; ᠮᠣᠩᠭ᠋ᠤᠯ ᠦᠨᠳᠦᠰᠦᠲᠡᠨ;ᠠᠵᠤ ᠠᠬᠤᠢ ᠶᠢᠨ ᠰᠠᠭᠤᠷᠢ;ᠨᠡᠢᠢᠯᠯᠢᠭ᠌ ᠰᠣᠶᠣᠯ |
Abstract |
ᠲᠠᠯ ᠠ ᠨᠤᠲᠤᠭ ᠤᠨ ᠰᠣᠶᠣᠯ ᠰᠣᠳᠤᠯᠭᠠᠨ ᠮᠠᠰᠢ ᠬᠠᠯᠠᠭᠤᠷᠠᠯ ᠲᠠᠢ ᠪᠣᠯᠤᠭᠰᠠᠨ ᠣᠢᠢᠷ ᠠ ᠦᠶ ᠡ ᠶᠢᠨ ᠬᠡᠳᠦᠨ ᠵᠢᠯ ᠡᠴᠡ ᠨᠠᠰᠢ ᠡᠷᠳᠡᠮᠲᠡᠳ ᠪᠡᠷ 《ᠲᠠᠯ ᠠ ᠨᠤᠲᠤᠭ ᠤᠨ ᠰᠣᠶᠣᠯ 》ᠬᠡᠮᠡᠬᠦ ᠤᠬᠠᠭᠳᠠᠬᠤᠨ ᠤ ᠲᠣᠬᠠᠢ ᠨᠠᠷᠢᠨ ᠴᠢᠮᠪᠠᠢ ᠰᠢᠨᠵᠢᠯᠡᠭᠡ ᠬᠢᠵᠦ᠂ ᠡᠯᠪᠡᠭ᠌ ᠮᠠᠲ᠋ᠸᠷᠢᠶᠠᠯ᠂ᠨᠡᠢᠢᠳᠡᠪᠦᠡᠢᠲᠠᠢ ᠪᠠᠷᠢᠮᠳᠠ ᠦᠭᠦᠯᠡᠮᠵᠢ ᠳᠤ ᠲᠤᠯᠭᠠᠭᠤᠷᠢᠯᠠᠨ ᠨᠡᠯᠢᠶᠡᠳ ᠣᠯᠠᠨ ᠰᠢᠨ᠌ ᠡ ᠰᠠᠨᠠᠯ ᠤᠳ ᠢ ᠲᠤᠷᠠᠳᠴᠤ ᠭᠠᠷᠭᠠᠭᠤᠳ ᠪᠠᠢᠢᠨ᠌ ᠠ᠃ᠡᠢᠢᠨ ᠬᠦ ᠦᠭᠦᠯᠡᠯ ᠳᠤ ᠡᠷᠳᠡᠮᠲᠡᠳ ᠳᠤ ᠲᠤᠷᠠᠳᠴᠤ ᠦᠩᠭᠡᠷᠡᠭᠰᠡᠨ ᠦᠭᠦᠯᠡᠮᠵᠢ ᠨᠤᠭᠦᠳ ᠢ ᠣᠨ ᠲᠠᠷᠠᠭᠠᠯᠠᠨ ᠨᠠᠷᠢᠨ ᠨᠢᠮᠪᠠᠢ ᠱᠦᠭᠦᠵᠦ ᠤᠩᠰᠢᠭᠰᠠᠨ ᠰᠠᠭᠤᠷᠢᠨ ᠲᠡᠭᠡᠷ ᠡ ᠵᠣᠷᠢᠭᠲᠠᠢ ᠪᠡᠷ ᠰᠢᠨ᠌ ᠠ ᠰᠠᠨᠠᠯ ᠲᠤᠷᠠᠳᠴᠤ᠂ᠲᠤᠮᠳᠠᠳᠤ ᠤᠯᠤᠰ ᠤᠨ ᠣᠨᠴᠠᠯᠢᠭ ᠪᠦᠬᠦᠢ ᠰᠣᠶᠣᠯ ᠤᠨ ᠶᠡᠬᠡ ᠣᠷᠴᠢᠨ ᠳᠡᠬᠢ ᠲᠠᠯ ᠠ ᠨᠤᠲᠤᠭ ᠤᠨ ᠰᠣᠶᠣᠯ ᠢ ᠦᠨᠡᠯᠡᠨ ᠲᠣᠭᠲᠠᠭᠠᠬᠤ ᠪᠠᠷᠢᠮᠵᠢᠶ ᠠ— ᠰᠣᠶᠣᠯ ᠤᠨ ᠡᠵᠡᠨ ᠪᠡᠶ ᠡ᠂ ᠠᠵᠤ ᠠᠬᠤᠢ ᠶᠢᠨ ᠰᠠᠭᠤᠷᠢ ᠬᠢᠭᠡᠳ ᠰᠣᠶᠣᠯ ᠤᠨ ᠬᠠᠢᠢᠨ ᠰᠢᠨᠵᠢ ᠭᠡᠬᠦ ᠰᠠᠨᠠᠯ ᠢ ᠲᠣᠷᠰᠢᠨ ᠦᠵᠡᠭᠦᠯᠦᠭᠰᠡᠨ ᠶᠣᠮ᠃ ᠡᠢᠢᠮᠦᠷᠬᠦᠦ ᠪᠠᠷᠢᠯᠵᠢᠶ ᠠ ᠰᠠᠨᠠᠯ ᠲᠣᠭᠲᠠᠭᠠᠬᠤ ᠨᠢ ᠰᠣᠶᠣᠯ ᠤᠨ ᠬᠡᠪᠴᠢᠶᠡᠨ ᠳᠡᠬᠢ ᠵᠠᠷᠢᠮ ᠡᠭᠡᠳᠡᠷᠡᠭᠡᠨ ᠮᠠᠳᠠᠭ ᠢ ᠠᠯᠳᠠᠷᠭᠠᠬᠤ᠂ ᠣᠷᠤᠨ ᠨᠤᠲᠤᠭ ᠤᠨ ᠠᠵᠤ ᠠᠬᠤᠢ ᠬᠢᠭᠡᠳ ᠰᠣᠶᠣᠯ ᠤᠨ ᠡᠶ ᠡ ᠵᠣᠬᠢᠴᠠᠯᠲᠤ ᠬᠦᠭ᠍ᠵᠢᠯᠲᠡ ᠵᠢ ᠠᠬᠢᠭᠤᠯᠬᠤ ᠵᠡᠷᠭᠡ ᠲᠠᠯ ᠠ ᠳᠤ ᠵᠣᠬᠢᠬᠤ ᠬᠡᠮᠵᠢᠶᠡᠨ ᠤ ᠢᠳᠡᠪᠬᠢ ᠠᠴᠢ ᠬᠣᠯᠪᠤᠭᠳᠠᠯ ᠲᠠᠢ ᠬᠡᠮᠡᠨ ᠲᠣᠭᠤᠷᠪᠢᠭᠴᠢ ᠪᠡᠷ ᠦᠵᠡᠵᠦ ᠪᠣᠢ᠃ |
Original Literature |
View Original Paper
|
出自 |
中国蒙古学
2012年
第5期
|