| Title | 
            ᠠᠮᠢᠲᠠᠨ ᠤ ᠪᠡᠶᠡ ᠳᠦ ᠬᠤᠳᠤᠭᠤᠳᠤᠨ ᠰᠢᠷᠠᠭᠯᠠᠭᠠ ᠶᠢᠨ ᠵᠠᠭᠪᠤᠷ ᠵᠤᠬᠢᠶᠠᠵᠤ ᠪᠠᠢᠭᠠ ᠰᠤᠳᠤᠯᠭᠠᠨ ᠤ ᠲᠤᠢᠮᠤ | 
          
          
            | Creator | 
            ᠮᠧᠢ ᠬᠤᠩ; ᠡᠦ ᠴᠢ ᠱᠢ ᠰᠠᠨ | 
          
          
            | Keyword | 
            ᠬᠤᠳᠤᠭᠤᠳᠤᠨ ᠰᠢᠷᠠᠭᠯᠠᠭᠠ; ᠠᠮᠢᠲᠠᠨ ᠤ ᠵᠠᠭᠪᠤᠷ; ᠵᠤᠬᠢᠶᠠᠬᠤ ᠠᠷᠭᠠ; ᠲᠤᠢᠮᠤ ᠲᠠᠨᠢᠯᠴᠠᠭᠤᠯᠭᠠ | 
          
          
            | Abstract | 
            ᠵᠤᠷᠢᠯᠭᠠ᠄ ᠬᠤᠳᠤᠭᠤᠳᠤᠨ ᠰᠢᠷᠠᠭᠯᠠᠭᠠ ᠶᠢᠨ ᠠᠮᠢᠲᠠᠨ ᠤ ᠵᠠᠭᠪᠤᠷ ᠵᠤᠬᠢᠶᠠᠵᠤ ᠪᠠᠢᠭᠠ ᠰᠤᠳᠤᠯᠭᠠᠨ ᠤ ᠲᠤᠢᠮᠤ ᠪᠠᠢᠳᠠᠯ ᠢ ᠣᠢᠯᠠᠭᠠᠨᠠ᠃ ᠠᠷᠭᠠ᠄ ᠣᠷᠴᠢᠮ ᠤᠨ ᠬᠡᠳᠦᠨ ᠵᠢᠯ ᠳᠦ ᠨᠡᠢᠲᠡᠯᠡᠭᠳᠡᠵᠦ ᠪᠠᠢᠭᠠ ᠰᠡᠳᠭᠦᠯ᠂ ᠮᠣᠩᠭᠤᠯ ᠠᠨᠠᠭᠠᠬᠤ ᠤᠬᠠᠭᠠᠨ ᠤ ᠰᠤᠷᠪᠤᠯᠵᠢ ᠪᠢᠴᠢᠭ ᠪᠡ ᠬᠠᠮᠢᠶᠠ ᠪᠦᠬᠦᠢ ᠮᠠᠲ᠋ᠧᠷᠢᠶᠠᠯ ᠢ ᠦᠨᠳᠦᠰᠦᠯᠡᠨ ᠬᠤᠳᠤᠭᠤᠳᠤᠨ ᠰᠢᠷᠠᠭᠯᠠᠭᠠ ᠶᠢᠨ ᠠᠮᠢᠲᠠᠨ ᠤ ᠵᠠᠭᠪᠤᠷ ᠵᠤᠬᠢᠶᠠᠵᠤ ᠪᠠᠢᠭᠠ ᠰᠤᠳᠤᠯᠭᠠᠨ ᠤ ᠪᠠᠢᠳᠠᠯ ᠢ ᠡᠮᠬᠢᠳᠭᠡᠨ ᠬᠤᠷᠢᠶᠠᠩᠭᠤᠢᠯᠠᠨᠠ᠃ ᠦᠷᠡ ᠳ᠋ᠦᠩ᠄ ᠬᠤᠳᠤᠭᠤᠳᠤᠨ ᠰᠢᠷᠠᠭᠯᠠᠭᠠ ᠶᠢᠨ ᠠᠮᠢᠲᠠᠨ ᠤ ᠵᠠᠭᠪᠤᠷ ᠵᠤᠬᠢᠶᠠᠬᠤ ᠳᠤ ᠭᠤᠤᠯᠳᠠᠭᠤ ᠬᠤᠳᠤᠭᠤᠳᠤᠨ ᠬᠠᠨᠠ ᠶᠢ ᠭᠡᠮᠲᠦᠭᠡᠬᠦ᠂ ᠬᠢᠮᠢ ᠶᠢᠨ ᠡᠮ ᠢᠶᠡᠷ ᠦᠳᠦᠭᠡᠬᠦ᠂ ᠰᠡᠳᠡᠯᠲᠡ ᠦᠭᠬᠦ᠂ ᠬᠤᠳᠤᠭᠤᠳᠤᠨ ᠤ ᠮᠤᠬᠤᠷ ᠢ ᠤᠳᠠᠰᠤ ᠪᠠᠷ ᠪᠤᠭᠤᠨ ᠤᠶᠠᠵᠤ ᠠᠮᠢᠲᠠᠨ ᠤ ᠵᠠᠭᠪᠤᠷ ᠵᠤᠬᠢᠶᠠᠬᠤ ᠠᠷᠭᠠ ᠪᠠ ᠡᠷᠭᠦᠯᠢᠭ ᠰᠠᠪᠠᠭᠴᠢᠷ ᠪᠠᠺᠲ᠋ᠧᠷ (Hp᠂ 幽门螺杆菌) ᠶᠢ ᠠᠰᠢᠭᠯᠠᠨ ᠠᠮᠢᠲᠠᠨ ᠤ ᠵᠠᠭᠪᠤᠷ ᠵᠤᠬᠢᠶᠠᠬᠤ ᠠᠷᠭᠠ ᠵᠡᠷᠭᠡ ᠪᠠᠢᠵᠤ᠂ ᠡᠭᠦᠨ ᠳᠦ ᠬᠤᠳᠤᠭᠤᠳᠤᠨ ᠬᠠᠨᠠ ᠶᠢ ᠭᠡᠮᠲᠦᠭᠡᠵᠦ ᠠᠮᠢᠲᠠᠨ ᠤ ᠵᠠᠭᠪᠤᠷ ᠵᠤᠬᠢᠶᠠᠬᠤ ᠠᠷᠭᠠ᠂ ᠰᠡᠳᠡᠯᠲᠡ ᠦᠭᠴᠦ ᠠᠮᠢᠲᠠᠨ ᠤ ᠵᠠᠭᠪᠤᠷ ᠵᠤᠬᠢᠶᠠᠬᠤ ᠠᠷᠭᠠ ᠬᠤᠳᠤᠭᠤᠳᠤᠨ ᠤ ᠮᠤᠬᠤᠷ ᠢ ᠪᠤᠭᠤᠨ ᠤᠶᠠᠵᠤ ᠠᠮᠢᠲᠠᠨ ᠤ ᠵᠠᠭᠪᠤᠷ ᠵᠤᠬᠢᠶᠠᠬᠤ ᠠᠷᠭᠠ ᠨᠢ ᠦᠷᠭᠡᠨ ᠢᠶᠡᠷ ᠬᠡᠷᠡᠭᠯᠡᠭᠳᠡᠵᠦ᠂ ᠵᠠᠭᠪᠤᠷ ᠪᠦᠲᠦᠬᠦ ᠨᠤᠷᠮᠠ ᠨᠢ ᠦᠨᠳᠦᠷ ᠪᠠᠢᠵᠤ᠂ ᠲᠤᠷᠰᠢᠯᠲᠠ ᠶᠢᠨ ᠦᠷᠡ ᠳ᠋ᠦᠩ ᠢ ᠨᠡᠯᠢᠶᠡᠳ ᠰᠠᠢᠨ ᠵᠡᠷᠭᠡ ᠳᠠᠪᠠᠭᠤᠯᠢᠭ ᠲᠠᠯᠠ ᠲᠠᠢ᠃ ᠭᠡᠪᠡᠴᠦ ᠵᠠᠭᠪᠤᠷ ᠵᠤᠬᠢᠶᠠᠬᠤ ᠳᠤ ᠲᠤᠭᠲᠠᠭᠰᠠᠨ ᠪᠠᠷᠢᠮᠵᠢᠶᠠ ᠪᠠᠢᠬᠤ ᠦᠭᠡᠢ ᠪᠦᠭᠡᠳ ᠬᠦᠮᠦᠨ ᠲᠦᠷᠦᠯᠬᠢᠲᠡᠨ ᠦ ᠬᠤᠳᠤᠭᠤᠳᠤᠨ ᠰᠢᠷᠠᠭᠯᠠᠭᠠ ᠶᠢᠨ ᠡᠪᠡᠳᠴᠢᠯᠡᠭᠦᠯᠬᠦ ᠤᠭ ᠶᠤᠰᠤᠨ ᠳᠤ ᠦᠨᠡᠨ ᠬᠦ ᠨᠡᠢᠴᠡᠭᠰᠡᠨ ᠨᠢ ᠲᠤᠩ ᠴᠦᠬᠡᠨ ᠪᠠᠢᠨᠠ᠃ ᠳ᠋ᠦᠩᠨᠡᠯᠲᠡ᠄ ᠬᠤᠳᠤᠭᠤᠳᠤᠨ ᠰᠢᠷᠠᠭᠯᠠᠭᠠ ᠶᠢᠨ ᠠᠮᠢᠲᠠᠨ ᠤ ᠬᠡᠪ ᠵᠠᠭᠪᠤᠷ ᠵᠤᠬᠢᠶᠠᠬᠤ ᠰᠤᠳᠤᠯᠤᠯᠲᠠ ᠶᠢ ᠤᠯᠠᠮ ᠴᠠᠭᠠᠰᠢᠲᠠ ᠭᠦᠨᠵᠡᠭᠡᠶᠢᠷᠡᠭᠦᠯᠦᠨ᠂ ᠬᠢᠬᠦ ᠠᠷᠭᠠ ᠨᠢ ᠳᠦᠭᠦᠮ᠂ ᠵᠤᠬᠢᠶᠠᠨ ᠪᠦᠲᠦᠭᠡᠬᠦ ᠨᠤᠷᠮᠠ ᠪᠠᠷ ᠦᠨᠳᠦᠷ᠂ ᠬᠦᠮᠦᠨ ᠲᠦᠷᠦᠯᠬᠢᠲᠡᠨ ᠦ ᠬᠤᠳᠤᠭᠤᠳᠤᠨ ᠰᠢᠷᠠᠭᠯᠠᠭᠠ ᠶᠢᠨ ᠡᠪᠡᠳᠴᠢᠯᠡᠭᠦᠯᠬᠦ ᠵᠦᠢ ᠶᠤᠰᠤᠨ ᠳᠤ ᠲᠤᠬᠢᠷᠠᠯᠴᠠᠭᠰᠠᠨ ᠠᠮᠢᠲᠠᠨ ᠤ ᠵᠠᠭᠪᠤᠷ ᠢ ᠵᠤᠬᠢᠶᠠᠬᠤ ᠠᠷᠭᠠ ᠶᠢ ᠴᠠᠭᠠᠰᠢᠲᠠ ᠰᠤᠳᠤᠯᠬᠤ ᠴᠢᠬᠤᠯᠠ ᠲᠠᠢ ᠪᠤᠢ᠃ | 
          
          
            | Original Literature | 
            
              
              No Original Paper
              
             | 
          
          
            | 出自 | 
            
              内蒙古民族大学学报(蒙医药学)
              2015年
              第1期
             |