Paper Information


Title ᠱᠤᠱᠠ —7᠋ ᠶᠢᠨ ᠨᠠᠶᠢᠷᠠᠯᠭ᠎ᠠ ᠪᠠᠷ ᠵᠢᠷᠦᠬᠡᠨ ᠪᠠᠵᠠᠯᠠᠯ ᠡᠪᠡᠳᠴᠢᠨ ᠢ ᠵᠠᠰᠠᠭᠰᠠᠨ ᠡᠮᠴᠢᠯᠡᠭᠡᠨ ᠦ ᠠᠴᠢ ᠲᠤᠰᠠ ᠶᠢᠨ ᠠᠵᠢᠭᠯᠠᠯᠲᠠ
Creator ᠪᠤᠤ ᠪᠦᠷᠢᠨᠪᠠᠶᠠᠷ; ᠰᠢᠦᠸᠠᠢ ᠯᠠᠨ; ᠵᠠᠩ ᠴᠢᠩ ᠱᠠᠨ
Keyword ᠱᠤᠱᠠ —7 ᠨᠠᠶᠢᠷᠠᠯᠭ᠎ᠠ; ᠵᠢᠷᠦᠬᠡᠨ ᠪᠠᠵᠠᠯᠠᠯ; ᠡᠮᠴᠢᠯᠡᠭᠡᠨ ᠦ ᠰᠤᠳᠤᠯᠭ᠎ᠠ
Abstract ᠮᠤᠨᠭᠭᠤᠯ ᠡᠮ ᠱᠤᠱᠠ —7᠋ ᠶᠢᠨ ᠨᠠᠶᠢᠷᠠᠯᠭ᠎ᠠ ᠶᠢᠨ ᠵᠢᠷᠦᠬᠡᠨ ᠪᠠᠵᠠᠯᠠᠯ ᠡᠪᠡᠳᠴᠢᠨ ᠳᠦ ᠦᠵᠡᠭᠦᠯᠬᠦ ᠡᠮᠴᠢᠯᠡᠭᠡᠨ ᠦ ᠠᠴᠢ ᠲᠤᠰᠠ ᠶᠢ ᠨᠤᠲᠠᠯᠠᠨ᠎ᠠ᠃ ᠠᠷᠭ᠎ᠠ᠄ ᠬᠠᠷᠢᠴᠠᠭᠤᠯᠤᠨ ᠰᠤᠳᠤᠯᠬᠤ ᠠᠷᠭ᠎ᠠ (ᠬᠢᠲᠠᠳ ᠡᠮ᠄ ᠹᠦ᠋ ᠹᠠᠩ ᠳᠠᠨ ᠱᠧᠨ)᠋ ᠪᠠᠷ ᠡᠮᠴᠢᠯᠡᠭᠡᠨ ᠦ ᠰᠤᠳᠤᠯᠭᠠᠨ ᠬᠢᠨ᠎ᠡ᠃ ᠵᠢᠷᠦᠬᠡ ᠪᠠᠵᠠᠯᠠᠨ ᠡᠪᠡᠳᠬᠦ ᠡᠪᠡᠳᠴᠢᠲᠡᠨ 112 ᠵᠢᠱᠢᠶ᠎ᠡ ᠬᠤᠪᠢᠶᠠᠨ᠎ᠠ᠃ ᠡᠮ ᠦᠭ᠍ᠬᠦ ᠠᠷᠭ᠎ᠠ ᠨᠢ ᠳᠤᠷᠰᠢᠭᠴᠢ ᠳᠤᠭᠤᠶᠢᠯᠠᠩ ᠳᠤ ᠱᠤᠱᠠ —7᠋ ᠶᠢᠨ ᠨᠠᠶᠢᠷᠠᠯᠭ᠎ᠠ ᠶᠢ ᠍15 ᠦᠷᠢᠯ (5g)᠋ ᠢᠶᠠᠷ ᠡᠳᠦᠷ ᠦᠨ ᠭᠤᠷᠪᠠ ᠤᠳᠠᠭ᠎ᠠ ᠤᠤᠭᠤᠯᠭᠠᠵᠤ᠂ ᠬᠠᠷᠢᠴᠠᠭᠤᠯᠤᠭᠴᠢ ᠳᠤᠭᠤᠶᠢᠯᠠᠩ ᠳᠤ ᠹᠦ᠋ ᠹᠠᠩ ᠳ᠋ᠠᠨ ᠱᠧᠨ 3 ᠬᠠᠪᠲᠠᠭᠠᠢ ᠡᠳᠦᠷ ᠦᠨ ᠭᠤᠷᠪᠠ ᠤᠳᠠᠭ᠎ᠠ ᠤᠤᠭᠤᠯᠭᠠᠵᠤ᠂ ᠪᠦᠬᠦ ᠡᠮᠴᠢᠯᠡᠭᠡᠨ ᠬᠤᠭᠤᠴᠠᠭ᠎ᠠ ᠶᠢ 8 ᠭᠠᠷᠠᠭ ᠢᠶᠠᠷ ᠠᠪᠤᠪᠠ᠃ ᠦᠷ᠎ᠡ ᠳ᠋ᠦᠩ᠄ ᠬᠤᠶᠠᠷ ᠳᠤᠭᠤᠶᠢᠯᠠᠩ ᠨᠢ ᠡᠮᠴᠢᠯᠡᠭᠡᠨ ᠦ ᠠᠴᠢ ᠲᠤᠰᠠ ᠶᠢᠨ ᠲᠠᠯ᠎ᠠ ᠪᠠᠷ ᠢᠯᠡᠷᠬᠡᠢ ᠰᠠᠶᠢᠵᠢᠷᠠᠯᠲᠠ ᠲᠠᠢ᠂ ᠳᠤᠷᠰᠢᠭᠴᠢ ᠳᠤᠭᠤᠶᠢᠯᠠᠩ ᠨᠢ ᠬᠠᠷᠢᠴᠠᠭᠤᠯᠤᠭᠴᠢ ᠳᠤᠭᠤᠶᠢᠯᠠᠩ ᠠᠴᠠ ᠳᠠᠪᠠᠭᠤᠯᠢᠭ᠃ ᠳ᠋ᠦᠩᠨᠡᠯᠲᠡ᠄ ᠱᠤᠱᠠ —7᠋ ᠶᠢᠨ ᠨᠠᠶᠢᠷᠠᠯᠭ᠎ᠠ ᠨᠢ ᠵᠢᠷᠦᠬᠡᠨ ᠪᠠᠵᠠᠯᠠᠯ ᠡᠪᠡᠳᠴᠢᠨ ᠳᠦ ᠦᠵᠡᠭᠦᠯᠬᠦ ᠦᠢᠯᠡᠳᠦᠯ ᠨᠢ ᠬᠢᠲᠠᠳ ᠡᠮ ᠹᠦ᠋ ᠹᠠᠩ ᠳ᠋ᠠᠨ ᠱᠧᠨ ᠡᠴᠡ ᠳᠠᠪᠠᠭᠤᠯᠢᠭ ᠪᠠᠶᠢᠨ᠎ᠠ᠃
Original Literature View Original Paper
出自 内蒙古民族大学学报(自然科学) 2008年 第2期

联系我们


内蒙古大学图书馆
呼和浩特市大学西路235号
中国·内蒙古
P: (0471) 4992561
E: huangfeilong@imu.edu.cn