Abstract |
ᠮᠣᠩᠭᠤᠯ ᠤᠨ ᠣᠷᠴᠢᠨ ᠦᠶ ᠠ ᠶᠢᠨ ᠤᠷᠠᠨ ᠵᠣᠬᠢᠶᠠᠯ ᠤᠨ ᠦᠨᠳᠦᠰᠦᠯᠡᠭᠴᠢ ᠶᠢᠨ ᠨᠢᠭᠡᠨ᠂ ᠤᠤᠭᠠᠨ ᠵᠣᠬᠢᠶᠠᠯᠴᠢ ᠰ• ᠪᠣᠶᠠᠨᠨᠡᠮᠡᠬᠦ1902 ᠣᠨ ᠳ᠋ᠤ ᠤᠤᠯ ᠤᠨ ᠲᠦᠰᠢᠶᠡᠳᠦ ᠬᠠᠨ ᠠᠢᠮᠠᠭ ᠤᠨ ᠭᠤᠪᠢ ᠲᠦᠰᠢᠶ ᠠ ᠬᠦᠩ ᠤᠨ ᠬᠤᠰᠢᠭᠤ᠂ ᠣᠳᠣ ᠶᠢᠨ ᠲᠤᠮᠳᠠ ᠭᠤᠪᠢ ᠠᠢᠮᠠᠭ ᠤᠨ ᠲᠡᠯᠭᠡᠷ ᠬᠠᠩᠭᠠᠢ ᠰᠣᠮᠤ ᠶᠢᠨ ᠨᠤᠲᠤᠭ ᠣᠩᠬᠢ ᠶᠢᠨ ᠭᠤᠤᠯ ᠤᠨ ᠪᠡᠯᠴᠢᠷ ᠲᠤ ᠮᠠᠯᠴᠢᠨ ᠡᠮᠡᠭᠲᠡᠢ ᠲᠦᠮᠡᠨ ᠤ ᠭᠡᠷ ᠲᠦ ᠲᠦᠷᠦᠵᠡᠢ᠃ ᠲᠡᠷᠡ ᠲᠠᠪᠤᠨ ᠨᠠᠰᠤᠲᠠᠢ ᠦᠨᠦᠴᠢᠷᠡᠵᠦ ᠨᠠᠭᠠᠴᠦ ᠠᠪᠤ ᠨᠢ ᠲᠡᠵᠢᠭᠡᠵᠦ ᠶᠢᠰᠦᠨ ᠨᠠᠰᠤᠲᠠᠢ ᠳ᠋ᠤᠨᠢ ᠦᠪᠦᠷ ᠮᠣᠩᠭᠤᠯ ᠤᠨ ᠡᠷᠭᠡ ᠴᠢᠯᠦᠭᠡᠨ ᠤ ᠭᠠᠷᠮᠠᠭᠠᠢ ᠲᠡᠮᠡᠴᠡᠭᠴᠢ ᠲᠤᠭᠲᠠᠵᠤ ᠲᠠᠢᠵᠢ ᠳ᠋ᠤ ᠦᠷᠡᠴᠢᠯᠡᠬᠦᠯᠵᠡᠢ᠃ ᠲᠤᠭᠲᠠᠬᠤ ᠲᠠᠢᠵᠢ ᠶᠢᠨ ᠳ᠋ᠤ ᠶᠢᠰᠦᠨ ᠵᠢᠯ ᠪᠠᠢᠬᠤ ᠳ᠋ᠠᠭᠠᠨ ᠠᠰᠢᠩᠭ᠎ᠠ ᠵᠡᠷᠭᠡ ᠬᠦᠮᠦᠰ ᠢᠢᠡᠷ ᠮᠣᠩᠭᠤᠯ ᠂ᠬᠢᠲᠠᠳ ᠪᠢᠴᠢᠭ ᠵᠢᠭᠠᠯᠭᠠᠵᠤ᠂ ᠠᠤ᠋ᠲ᠋ᠤᠨᠤᠮᠢᠲ ᠵᠠᠰᠠᠭ ᠤᠨ ᠦᠶ ᠡ ᠳ᠋ᠤ ᠲᠤᠮᠳᠠᠳᠤ ᠰᠤᠷᠭᠠᠭᠤᠯᠢ ᠳ᠋ᠦ ᠣᠷᠤᠵᠤ ᠮᠣᠩᠭᠤᠯ ᠪᠢᠴᠢᠭ ᠡᠴᠡ ᠭᠠᠳᠠᠨ᠎ᠠ ᠪᠠᠰᠠ ᠤᠷᠤᠰ᠂ ᠬᠢᠲᠠᠳ ᠪᠢᠴᠢᠭ ᠲᠦ ᠰᠤᠷᠴᠦ ᠪᠠᠢᠪᠠ᠃ |