Title |
ᠮᠣᠩᠭᠣᠯ ᠪᠢᠴᠢᠭ᠌ ᠤᠨ ᠤᠷᠠᠨ ᠵᠤᠬᠢᠶᠠᠯ ᠪᠤᠯᠤᠨ ᠠᠮᠠᠨ ᠵᠤᠬᠢᠶᠠᠯ ᠤᠨ ᠬᠠᠷᠢᠴᠠᠭᠠᠨ ᠦ ᠲᠤᠬᠠᠢ ᠴ᠂ ᠳᠡᠮᠳᠢᠨᠰᠦ᠋ᠷᠦᠩ ᠤᠨ ᠦᠬᠦᠯᠡᠯᠳᠡ |
Creator |
ᠴᠸᠨ ᠭᠠᠩ ᠯᠦᠩ |
Keyword |
ᠴ᠂ ᠳᠡᠮᠳᠢᠨᠰᠦ᠋ᠷᠦᠩ ; ᠮᠣᠩᠭᠣᠯ ᠪᠢᠴᠢᠭ᠌ ᠤᠨ ᠤᠷᠠᠨ ᠵᠤᠬᠢᠶᠠᠯ ; ᠠᠮᠠᠨ ᠵᠤᠬᠢᠶᠠᠯ |
Abstract |
ᠴ᠂ ᠳᠡᠮᠳᠢᠨᠰᠦ᠋ᠷᠦᠩ ᠠᠮᠠᠨ ᠵᠤᠬᠢᠶᠠᠯ ᠪᠤᠯᠤᠨ ᠪᠢᠴᠢᠭ᠌ ᠤᠨ ᠵᠤᠬᠢᠶᠠᠯ ᠢ ᠲᠤᠰ ᠲᠤᠰ ᠲᠤᠨᠢ ᠳᠠᠰᠤᠯᠵᠤ ᠠᠪᠴᠤ ᠦᠵᠡᠭᠰᠡᠨ ᠦᠬᠡᠢ᠂ ᠬᠠᠷᠢᠨ ᠬᠤᠶᠠᠭᠤᠯᠠ ᠶᠢ ᠤᠷᠠᠨ ᠵᠤᠬᠢᠶᠠᠯ ᠤᠨ ᠬᠦᠭ᠍ᠵᠢᠯ ᠤᠨ ᠠᠳᠠᠯᠢ ᠪᠤᠰᠤ ᠲᠠᠪᠬᠤᠷᠭᠠᠨ ᠳᠤ ᠤᠶᠠᠯᠳᠤᠭᠤᠯᠤᠨ ᠠᠪᠴᠤ ᠰᠤᠳᠤᠯᠤᠭᠰᠠᠨ ᠪᠦᠭᠡᠳ ᠪᠢᠴᠢᠭ᠌ ᠤᠨ ᠤᠷᠠᠨ ᠵᠤᠬᠢᠶᠠᠯ ᠶᠢᠨᠷ ᠮᠣᠩᠭᠣᠯ ᠤᠨ ᠪᠦᠬᠦ ᠤᠷᠠᠨ ᠵᠤᠬᠢᠶᠠᠯ ᠢ ᠲᠦᠯᠦᠬᠡᠯᠡᠬᠦ ᠪᠤᠶᠤ ᠠᠮᠠᠨ ᠵᠤᠬᠢᠶᠠᠯ ᠶᠢᠨᠷ ᠮᠣᠩᠭᠣᠯ ᠤᠷᠠᠨ ᠵᠤᠬᠢᠶᠠᠯ ᠢ ᠲᠦᠯᠦᠬᠡᠯᠡᠬᠦᠯᠬᠦ ᠦᠷᠦᠬᠡᠰᠦᠯ ᠦᠵᠡᠯᠳᠡ ᠡᠴᠡ ᠵᠠᠢᠯᠠᠰᠬᠢᠭᠦ᠂ ᠬᠠᠷᠢᠨ ᠠᠷᠠᠳ ᠤᠨ ᠠᠮᠠᠨ ᠵᠤᠬᠢᠶᠠᠯ ᠪᠤᠯᠤᠨ ᠪᠢᠴᠢᠭ᠌ ᠤᠨ ᠤᠷᠠᠨ ᠵᠤᠬᠢᠶᠠᠯ ᠤᠨ ᠠᠯᠢ ᠠᠯᠢᠨ ᠢ ᠨᠢ ᠴᠦᠮ ᠨᠡᠢᠳᠡ ᠮᠣᠩᠭᠣᠯ ᠤᠷᠠᠨ ᠵᠤᠬᠢᠶᠠᠯ ᠤᠨ ᠪᠦᠷᠢᠯᠳᠦᠭᠦᠨ ᠬᠡᠰᠡᠭ ᠶᠢᠨᠡ ᠦᠨᠡᠯᠡᠨ ᠲᠠᠨᠢᠵᠤ ᠂ ᠪᠢᠴᠢᠭ᠌ ᠤᠨ ᠤᠷᠠᠨ ᠵᠤᠬᠢᠶᠠᠯ ᠤᠨ ᠲᠤᠷᠠᠰᠬᠠᠯ ᠢ ᠰᠤᠳᠤᠯᠬᠤ ᠳᠤ ᠠᠮᠠᠨ ᠵᠤᠬᠢᠶᠠᠯ ᠢ ᠳᠤᠳᠤᠭᠳᠠᠭᠤᠯᠬᠤ ᠦᠬᠡᠢ᠂ ᠠᠮᠠᠨ ᠵᠤᠬᠢᠶᠠᠯ ᠤᠨ ᠰᠤᠳᠤᠯᠤᠯ ᠳᠤ ᠤᠢᠴᠢᠭ᠌ ᠤᠨ ᠲᠤᠷᠠᠰᠬᠠᠯ ᠢ ᠤᠮᠳᠠᠭᠠᠢᠯᠠᠬᠤ ᠦᠬᠡᠢ ᠵᠠᠷᠴᠢᠮ ᠢ ᠪᠠᠷᠢᠮᠳᠠᠯᠠᠭᠰᠠᠭᠠᠷ ᠢᠷᠡᠵᠡᠢ᠃ ᠬᠡᠳᠡᠯ᠎ᠠ ᠦᠨᠦᠳᠦᠷ ᠤᠨ ᠮᠣᠩᠭᠣᠯ ᠤᠷᠠᠨ ᠵᠤᠬᠢᠶᠠᠯ ᠤᠨ ᠰᠤᠳᠤᠯᠤᠯ ᠳᠤ ᠪᠢᠴᠢᠭ᠌ ᠤᠨ ᠤᠷᠠᠨ ᠵᠤᠬᠢᠶᠠᠯ ᠰᠤᠳᠤᠯᠳᠠᠭ ᠡᠷᠳᠡᠮᠳᠡᠳ ᠠᠮᠠᠨ ᠵᠤᠬᠢᠶᠠᠯ ᠢ ᠠᠩᠬᠠᠷᠤᠯ ᠳᠠᠭᠠᠨ ᠠᠪᠬᠤ ᠦᠬᠡᠢ᠂ ᠠᠮᠠᠨ ᠵᠤᠬᠢᠶᠠᠯ ᠰᠤᠳᠤᠯᠳᠠᠭ ᠡᠷᠳᠡᠮᠳᠡᠳ ᠤᠷᠠᠨ ᠵᠤᠬᠢᠶᠠᠯ ᠤᠨ ᠲᠤᠷᠰᠬᠠᠯ ᠪᠤᠶᠤ ᠰᠤᠷᠪᠤᠯᠵᠢ ᠪᠢᠴᠢᠭ᠌ ᠢ ᠤᠮᠳᠤᠭᠠᠢᠯᠠᠵᠤ ᠪᠠᠢ᠌ᠭ᠎ᠠ ᠪᠠᠢ᠌ᠳᠠᠯ ᠦᠷᠬᠦᠯᠵᠢᠯᠡᠭᠰᠡᠭᠡᠷ ᠪᠠᠢ᠌ᠨ᠎ᠠ᠃ ᠡᠨᠡ ᠲᠠᠯ ᠠ ᠪᠡᠷ ᠪᠢᠳᠠ ᠴ᠂ ᠳᠡᠮᠳᠢᠨᠰᠦ᠋ᠷᠦᠩ ᠤᠨ ᠦᠵᠡᠯᠳᠡ ᠲᠠᠨᠢᠯᠲᠠ ᠪᠤᠯᠤᠨ ᠰᠤᠳᠤᠯᠭᠠᠨ ᠦ ᠠᠷᠭ᠎ᠠ ᠮᠠᠶᠢ᠍ᠭ ᠢ ᠠᠩᠬᠠᠷᠤᠯ ᠳᠠᠭᠠᠨ ᠠᠪᠪᠤᠪᠠᠯ ᠵᠤᠬᠢᠨ᠎ᠠ᠃ |
Original Literature |
View Original Paper
|
出自 |
中国蒙古学
2010年
第1期
|