Title |
ᠪᠠᠭᠠᠷᠢᠨ ᠤ ᠠᠯᠳᠠᠷ ᠴᠤᠤᠲᠤ ᠡᠮᠴᠢ ᠳᠤᠮᠴᠢ ᠨᠠᠷ ᠤᠨ ᠡᠷᠳᠡᠮ ᠰᠢᠳᠢ ᠶᠢᠨ ᠲᠤᠬᠠᠢ ᠬᠠᠭᠤᠴᠢ ᠳᠤᠮᠤᠭ ᠤᠨ ᠣᠨᠴᠠᠯᠢᠭ ᠰᠢᠨᠵᠢ |
Creator |
ᠬᠡ · ᠰᠠᠢᠨᠴᠤᠭᠲᠤ |
Keyword |
ᠪᠠᠭᠠᠷᠢᠨ; ᠬᠠᠭᠤᠴᠢ ᠳᠤᠮᠤᠭ; ᠡᠮᠴᠢ ᠳᠤᠮᠴᠢ; ᠣᠨᠴᠠᠭᠠᠢ ᠠᠪᠢᠶᠠᠰ ᠴᠢᠳᠠᠯᠲᠠᠳ |
Abstract |
ᠪᠠᠭᠠᠷᠢᠨᠴᠤᠳ ᠤᠨ ᠳᠤᠮᠳᠠ ᠠᠯᠳᠠᠷ ᠴᠤᠤ ᠮᠠᠨᠳᠤᠭᠰᠠᠨ ᠡᠷᠳᠡᠮ ᠴᠢᠳᠠᠯ ᠲᠠᠢ ᠡᠮᠴᠢ ᠳᠤᠮᠴᠢ ᠶᠢᠨ ᠦᠯᠢᠭᠡᠷ ᠳᠤᠮᠤᠭ ᠣᠯᠠᠨ ᠵᠤᠬᠢᠶᠠᠭᠳᠠᠵᠤ ᠤᠯᠠᠮᠵᠢᠯᠠᠭᠳᠠᠭᠰᠠᠨ ᠪᠠᠢᠳᠠᠭ᠃ ᠨᠡᠢᠲᠡ ᠮᠣᠩᠭᠤᠯᠴᠤᠳ ᠤᠨ ᠦᠯᠢᠭᠡᠷ ᠳᠤᠮᠤᠭ ᠤᠨ ᠳᠤᠲᠤᠷᠠᠬᠢ ᠴᠢᠬᠤᠯᠠ ᠨᠢᠭᠡᠨ ᠲᠦᠷᠦᠯ ᠵᠤᠢᠯ ᠪᠤᠯᠤᠭᠰᠠᠨ ᠡᠳᠡᠭᠡᠷ ᠦᠯᠢᠭᠡᠷ ᠳᠤᠮᠤᠭ ᠲᠤ ᠳᠠᠷᠠᠭᠠᠬᠢ ᠮᠡᠲᠦ ᠬᠡᠳᠦᠨ ᠲᠠᠯ᠎ᠠ ᠶᠢᠨ ᠰᠢᠨᠵᠢ ᠣᠨᠴᠠᠯᠢᠭ ᠲᠠᠢ᠄ ᠨᠢᠭᠡ ᠳᠦ᠂ ᠳᠤᠮᠤᠭ ᠰᠡᠳᠬᠢᠭᠦᠢ ᠶᠢᠨ ᠣᠨᠴᠠᠯᠢᠭ ᠰᠢᠨᠵᠢ ᠪᠦᠬᠦᠢ ᠬᠡᠳᠦᠢᠳᠦᠭᠰᠡᠨ ᠷᠢᠳᠢ ᠰᠢᠳᠢ ᠡᠷᠳᠡᠮ ᠴᠢᠳᠠᠯ ᠲᠠᠢ ᠡᠮᠴᠢ ᠳᠤᠮᠴᠢ᠂ ᠵᠢᠷᠤᠬᠠᠢᠴᠢ ᠰᠢᠨᠵᠢᠭᠡᠴᠢ ᠶᠢᠨ ᠳᠦᠷᠢ ᠪᠦᠲᠦᠭᠡᠳᠡᠭ; ᠬᠤᠶᠠᠷ ᠲᠤ᠂ ᠡᠮᠴᠢ ᠳᠤᠮᠴᠢ᠂ ᠵᠢᠷᠤᠬᠠᠢᠴᠢ ᠰᠢᠨᠵᠢᠭᠡᠴᠢ ᠨᠠᠷ ᠤᠨ ᠦᠢᠯᠡ ᠶᠠᠪᠤᠳᠠᠯ ᠢ ᠦᠨᠡᠨ ᠮᠦᠨ ᠢᠶᠠᠷ ᠨᠢ ᠬᠦᠦᠷᠨᠢᠵᠦ ᠦᠨᠡᠯᠡᠨ ᠮᠠᠭᠳᠠᠭᠰᠠᠨ ᠪᠠᠢᠳᠠᠭ᠃ ᠭᠤᠷᠪᠠ ᠳᠤ᠂ ᠳᠦᠷᠢ ᠨᠦᠬᠦᠳ ᠦᠨ ᠨᠡᠢᠲᠡᠯᠢᠭ ᠣᠨᠴᠠᠯᠢᠭ ᠭᠡᠪᠡᠯ ᠡᠳ᠋ ᠠᠰᠢᠭ ᠲᠤ ᠰᠢᠨᠤᠬᠤ ᠦᠭᠡᠢ᠂ ᠦᠭᠡᠭᠦᠦ ᠶᠠᠳᠠᠭᠤ ᠬᠦᠮᠦᠰ ᠢ ᠡᠨᠡᠷᠢᠨ ᠲᠡᠳᠭᠦᠳᠡᠭ ᠡᠷᠬᠢᠮ ᠳᠡᠭᠡᠳᠦ ᠵᠠᠩ ᠴᠢᠨᠠᠷ ᠲᠠᠢ; ᠳᠦᠷᠪᠡ ᠳᠦ᠂ ᠡᠳᠡᠭᠡᠷ ᠬᠠᠭᠤᠴᠢ ᠳᠤᠮᠤᠭ ᠲᠠᠬᠢ ᠪᠠᠭᠠᠷᠢᠨ ᠤ ᠠᠯᠳᠠᠷᠲᠤ ᠡᠮᠴᠢ ᠳᠤᠮᠴᠢ ᠨᠠᠷ ᠪᠤᠯ ᠴᠦᠮ ᠲᠦᠪᠳ ᠬᠡᠯᠡ ᠰᠤᠷᠴᠤ᠂ ᠪᠤᠷᠬᠠᠨ ᠤ ᠨᠤᠮ ᠢᠶᠠᠷ ᠰᠡᠳᠬᠢᠯ ᠢᠶᠡᠨ ᠵᠠᠰᠠᠨ᠂ ᠡᠨᠡᠳᠬᠡᠭ ᠲᠦᠪᠡᠳ ᠦᠨ ᠡᠮᠨᠡᠯᠭᠡ ᠶᠢᠨ ᠤᠬᠠᠭᠠᠨ ᠢ ᠭᠦᠨ ᠡᠵᠡᠮᠰᠢᠭᠰᠡᠨ ᠯᠠᠮᠠᠳᠠᠳ ᠪᠤᠯᠤᠨ᠎ᠠ᠃ ᠡᠳᠡᠭᠡᠷ ᠦᠯᠢᠭᠡᠷ ᠳᠤᠮᠤᠭ ᠢ ᠢᠳᠡᠪᠬᠢᠲᠡᠢ ᠴᠤᠭᠯᠠᠭᠤᠯᠤᠨ ᠡᠮᠬᠢᠳᠭᠡᠬᠦ ᠪᠡ ᠰᠤᠳᠤᠯᠬᠤ ᠨᠢ ᠮᠣᠩᠭᠤᠯ ᠰᠤᠳᠤᠯᠤᠯ ᠤᠨ ᠣᠯᠠᠨ ᠲᠠᠯ᠎ᠠ ᠲᠠᠢ ᠬᠤᠯᠪᠤᠭᠳᠠᠭᠰᠠᠨ ᠴᠢᠬᠤᠯᠠ ᠰᠡᠳᠦᠪ ᠮᠦᠨ᠃ |
Original Literature |
View Original Paper
|
出自 |
中国蒙古学
2015年
第3期
|