Title |
ᠰᠢᠨ᠎ᠡ ᠴᠠᠭ ᠡᠷᠢᠨ ᠦ ᠮᠣᠩ᠋ᠭᠤᠯ ᠦᠨᠳᠦᠰᠦᠲᠡᠨ ᠦ ᠱᠠᠰᠢᠨ ᠰᠢᠲᠦᠯᠭᠡ ᠶᠢᠨ ᠣᠨᠴᠠᠯᠢᠭ ᠰᠢᠨᠵᠢ ᠪᠤᠯᠤᠨ ᠲᠡᠭᠦᠨ ᠦ ᠪᠦᠷᠢᠯᠳᠦᠭᠰᠡᠨ ᠰᠢᠯᠲᠠᠭᠠᠨ ᠢ ᠦᠭᠦᠯᠡᠬᠦ ᠨᠢ |
Creator |
ᠰᠡᠴᠡᠩ᠋ᠭᠤᠤᠠ |
Keyword |
ᠰᠢᠨ᠎ᠡ ᠡᠷᠢᠨ; ᠮᠣᠩ᠋ᠭᠤᠯ ᠦᠨᠳᠦᠰᠦᠲᠡᠨ; ᠱᠠᠰᠢᠨ ᠰᠢᠲᠦᠯᠭᠡ; ᠣᠨᠴᠠᠯᠢᠭ ᠰᠢᠨᠵᠢ; ᠤᠴᠢᠷ ᠰᠢᠯᠲᠠᠭᠠᠨ |
Abstract |
20᠋ ᠳᠤᠭᠠᠷ ᠵᠠᠭᠤᠨ ᠤ 80 ᠋ ᠭᠠᠳ ᠣᠨ ᠠᠴᠠ ᠨᠠᠭᠠᠰᠢᠬᠢ ᠳᠤᠮᠳᠠᠳᠤ ᠤᠯᠤᠰ ᠤᠨ ᠬᠠᠷᠢᠶᠠᠨ ᠳᠤ ᠪᠠᠢ᠌ᠭ᠎ᠠ ᠮᠣᠩ᠋ᠭᠤᠯ ᠦᠨᠳᠦᠰᠦᠲᠡᠨ ᠦ ᠱᠠᠰᠢᠨ ᠰᠢᠲᠦᠯᠭᠡ ᠶᠢᠨ ᠪᠠᠢ᠌ᠳᠠᠯ ᠪᠠ ᠲᠡᠭᠦᠨ ᠦ ᠣᠨᠴᠠᠯᠢᠭ ᠰᠢᠨᠵᠢ ᠶᠢ ᠰᠤᠳᠤᠯᠵᠤ᠂ ᠡᠳᠡᠭᠡᠷ ᠣᠨᠴᠠᠯᠢᠭ ᠰᠢᠨᠵᠢ ᠶᠢ ᠪᠦᠷᠢᠯᠳᠦᠭᠦᠯᠦᠭᠰᠡᠨ ᠲᠡᠦᠬᠡᠨ ᠠᠬᠤᠢ ᠪᠠᠢ᠌ᠳᠠᠯ᠂ ᠲᠦᠷᠦ ᠶᠢᠨ ᠪᠤᠳᠤᠯᠭ᠎ᠠ ᠵᠡᠷᠭᠡ ᠬᠠᠭᠠᠨᠲᠤ ᠣᠷᠴᠢᠨ ᠤ ᠨᠦᠯᠦᠭᠡ ᠳᠤᠰᠬᠠᠯ ᠢ ᠰᠢᠨᠵᠢᠯᠡᠨ ᠰᠤᠳᠤᠯᠬᠤ ᠨᠢ ᠰᠢᠨ᠎ᠡ ᠴᠠᠭ ᠡᠷᠢᠨ ᠦ ᠮᠣᠩ᠋ᠭᠤᠯ ᠦᠨᠳᠦᠰᠦᠲᠡᠨ ᠦ ᠱᠠᠰᠢᠨ ᠰᠢᠲᠦᠯᠭᠡ ᠶᠢᠨ ᠬᠠᠨᠳᠤᠰᠢ ᠪᠤᠯᠤᠨ ᠨᠠᠮ ᠤᠨ ᠱᠠᠰᠢᠨ ᠰᠢᠲᠦᠯᠭᠡ ᠶᠢᠨ ᠲᠤᠬᠠᠢ ᠲᠦᠷᠦ ᠶᠢᠨ ᠪᠤᠳᠤᠯᠭ᠎ᠠ ᠲᠤᠭᠲᠠᠭᠠᠬᠤ ᠳᠤ ᠮᠠᠰᠢ ᠶᠡᠬᠡ ᠣᠳᠣᠬᠢᠴᠢ ᠠᠴᠢ ᠬᠤᠯᠪᠤᠭᠳᠠᠯ ᠲᠠᠢ ᠮᠦᠷᠲᠡᠭᠡᠨ ᠲᠡᠦᠬᠡᠴᠢ ᠤᠳᠬ᠎ᠠ ᠠᠭᠤᠯᠭ᠎ᠠ ᠲᠠᠢ ᠠᠵᠢᠯ ᠶᠤᠮ᠃ ᠲᠤᠰ ᠦᠭᠦᠯᠡᠯ ᠳᠦ ᠦᠭᠦᠯᠡᠵᠦ ᠪᠦᠬᠦᠢ 《ᠰᠢᠨ᠎ᠡ ᠴᠠᠭ ᠡᠷᠢᠨ》ᠭᠡᠳᠡᠭ ᠨᠢ 20᠋ ᠳᠤᠭᠠᠷ ᠵᠠᠭᠤᠨ ᠤ 80 ᠋ᠭᠠᠳ ᠣᠨ ᠠᠴᠠ ᠨᠠᠭᠠᠰᠢᠬᠢ ᠴᠠᠭ ᠦᠶ᠎ᠡ᠂ ᠦᠭᠡᠷ᠎ᠡ ᠪᠡᠷ ᠬᠡᠯᠡᠪᠡᠯ᠂ ᠰᠤᠶᠤᠯ ᠤᠨ ᠬᠤᠪᠢᠰᠬᠠᠯ ᠤᠨ ᠳᠠᠷᠠᠭ᠎ᠠ ᠦᠭᠡᠷᠡᠴᠢᠯᠡᠯᠲᠡ ᠬᠢᠵᠦ ᠴᠢᠯᠦᠭᠡᠲᠡᠢ ᠶᠠᠪᠤᠯᠴᠠᠬᠤ ᠪᠤᠯᠤᠭᠰᠠᠨ ᠴᠠᠭ ᠦᠶ᠎ᠡ ᠶᠢ ᠵᠢᠭᠠᠵᠤ 《ᠮᠣᠩ᠋ᠭᠤᠯ ᠦᠨᠳᠦᠰᠦᠲᠡᠨ》ᠭᠡᠳᠡᠭ ᠨᠢ ᠳᠤᠮᠳᠠᠳᠤ ᠤᠯᠤᠰ ᠤᠨ ᠬᠠᠷᠢᠶᠠᠨ ᠳᠤ ᠪᠠᠢ᠌ᠭ᠎ᠠ ᠮᠣᠩ᠋ᠭᠤᠯᠴᠤᠳ᠂ ᠭᠤᠤᠯᠳᠠᠭᠤ ᠦᠪᠦᠷ ᠮᠣᠩ᠋ᠭᠤᠯ ᠣᠷᠤᠨ ᠳᠤ ᠲᠦᠪᠯᠡᠷᠡᠨ ᠰᠠᠭᠤᠵᠤ ᠪᠠᠢ᠌ᠭ᠎ᠠ ᠮᠣᠩ᠋ᠭᠤᠯᠴᠤᠳ ᠢ ᠵᠢᠭᠠᠵᠤ ᠪᠤᠢ᠃ |
Original Literature |
View Original Paper
|
出自 |
中国蒙古学
2013年
第4期
|