Title |
ᠮᠤᠩᠭ᠋ᠤᠯ ᠪᠤᠷᠬᠠᠨ ᠤ ᠱᠠᠰᠢᠨ ᠤ ᠲᠡᠤᠭᠡ ᠪᠢᠴᠢᠯᠭᠡ ᠶᠢᠨ ᠲᠠᠤᠬᠡᠴᠢᠯᠡᠭᠰᠡᠨ ᠲᠦᠯᠦᠪ |
Creator |
ᠪᠤᠯᠠᠭ |
Keyword |
ᠮᠤᠩᠭ᠋ᠤᠯ ᠪᠤᠷᠬᠠᠨ ᠤ ᠱᠠᠰᠢᠨ᠂ ᠲᠡᠤᠬᠡ ᠪᠢᠴᠢᠯᠭᠡ᠂ ᠲᠦᠷᠦ ᠱᠠᠰᠢᠨ ᠬᠤᠶᠠᠷ ᠶᠤᠰᠤᠨ ᠤ ᠲᠡᠤᠭᠡ᠂ ᠴᠤᠯ ᠮᠤᠩᠭ᠋ᠤᠯ ᠪᠤᠷᠬᠠᠨ ᠤ ᠱᠠᠰᠢᠨ |
Abstract |
ᠦᠭᠦᠯᠡᠯ ᠳᠤ ᠮᠤᠩᠭ᠋ᠤᠯ ᠪᠤᠷᠬᠠᠨ ᠤ ᠱᠠᠰᠢᠨ ᠤ ᠲᠡᠤᠭᠡ ᠪᠢᠴᠢᠯᠭᠡ ᠪᠤᠯ ᠮᠤᠩᠭ᠋ᠤᠯᠴᠤᠳ ᠤᠨ ᠡᠷᠳᠡᠨ ᠤ ᠲᠡᠤᠭᠡ ᠪᠢᠴᠢᠯᠭᠡ ᠶᠢᠨ ᠤᠳᠤᠮᠰᠢᠯ ᠰᠡᠷᠭᠦᠨ ᠤᠯᠠᠮᠵᠢᠯᠠᠭᠳᠠᠵᠦ᠂ ᠮᠤᠩᠭ᠋ᠤᠯ ᠤᠷᠤᠨ ᠤᠨ ᠪᠤᠷᠬᠠᠨ ᠤ ᠱᠠᠰᠢᠨ ᠤ ᠰᠤᠶᠤᠯ ᠲᠠᠢ ᠤᠶᠠᠯᠳᠤᠭᠰᠠᠨ ᠤ ᠦᠷ ᠡ ᠪᠦᠳᠤᠭᠡᠯ ᠮᠦᠨ ᠬᠡᠵᠦ ᠦᠵᠡᠭᠰᠡᠨ ᠤᠷᠢᠳᠠᠯ ᠲᠤᠤᠷ ᠡ᠂《 ᠮᠤᠩᠭ᠋ᠤᠯ ᠤᠷᠤᠨ ᠳᠤ ᠲᠡᠭᠡᠳᠤ ᠨᠤᠮ ᠶᠠᠮᠪᠠᠷ ᠮᠡᠳᠤ ᠲᠡᠯᠭᠡᠷᠡᠭᠰᠡᠨ ᠢ ᠦᠭᠦᠯᠡᠭᠰᠡᠨ ᠲᠡᠤᠭᠡ》 ᠪᠤᠯᠤᠨ 《 ᠨᠠᠮᠳᠠᠷ ᠵᠤᠬᠢᠶᠠᠯ》 ᠭᠡᠬᠦ ᠬᠤᠶᠠᠷ ᠲᠠᠯ ᠡ ᠡᠴᠨ ᠠᠵᠢᠭᠯᠠᠯᠳᠠ ᠬᠢᠵᠡᠢ᠃ ᠮᠤᠩᠭ᠋ᠤᠯ ᠤᠷᠤᠨ ᠳᠤ ᠲᠡᠭᠡᠳᠤ ᠨᠤᠮ ᠶᠠᠮᠪᠠᠷ ᠮᠡᠳᠤ ᠲᠡᠯᠭᠡᠷᠡᠭᠰᠡᠨ ᠢ ᠦᠭᠦᠯᠡᠭᠰᠡᠡ ᠲᠠᠤᠭᠡ ᠵᠢ ᠲᠦᠷᠦ ᠱᠠᠰᠢᠨ ᠬᠤᠶᠠᠷ ᠶᠤᠰᠤᠨ ᠤ ᠲᠡᠤᠭᠡ ᠪᠤᠯᠤᠨ ᠴᠤᠯ ᠪᠤᠷᠬᠠᠨ ᠤ ᠱᠠᠰᠢᠨ ᠤ ᠲᠡᠤᠭᠡ ᠬᠡᠮᠡᠡ ᠢᠯᠭᠠᠨ ᠦᠬᠦᠯᠡᠪᠡ᠃《ᠨᠠᠮᠳᠠᠷ ᠵᠤᠬᠢᠶᠠᠯ》᠋ ᠢ ᠲᠦᠪᠡᠳ ᠬᠦᠮᠦᠨ ᠲᠦᠪᠡᠳ ᠬᠡᠯᠡ ᠪᠡᠷ ᠵᠤᠬᠢᠶᠠᠭᠰᠠᠨ᠂ ᠲᠦᠪᠡᠳ ᠬᠡᠯᠡᠨ ᠡᠴᠨ ᠤᠷᠴᠢᠭᠤᠯᠤᠭᠰᠠᠨ《ᠨᠠᠮᠳᠠᠷ ᠵᠤᠬᠢᠶᠠᠯ》 ᠬᠡᠮᠡᠡ ᠢᠯᠭᠠᠨ ᠦᠬᠦᠯᠡᠬᠦ ᠶᠢᠨ ᠬᠠᠮᠳᠤ᠂ ᠵᠤᠬᠢᠶᠠᠭᠴᠢ ᠨᠢ ᠬᠡᠨ ᠪᠤᠯᠬᠤ ᠵᠢ ᠦᠨᠳᠤᠰᠤᠯᠡᠨ ᠦᠪᠡᠷ ᠤᠨ ᠨᠠᠮᠳᠠᠷ ᠂ ᠱᠠᠪᠢ ᠨᠠᠷ ᠤᠨ ᠪᠢᠴᠢᠭᠰᠡᠨ ᠨᠠᠮᠳᠠᠷ᠂ ᠪᠤᠰᠤᠳ ᠬᠦᠮᠤᠨ ᠤ ᠪᠢᠴᠢᠭᠰᠡᠨ ᠨᠡᠮᠳᠠᠷ ᠬᠡᠮᠡᠡ ᠢᠯᠭᠠᠵᠡᠢ᠃ ᠠᠭᠤᠯᠭ᠋ ᠡ ᠪᠤᠯᠤᠨ ᠵᠤᠬᠢᠶᠠᠮᠵᠢ ᠪᠠᠷ ᠨᠢ ᠪᠠᠰᠠ ᠨᠢᠭᠡ ᠬᠦᠮᠦᠨ ᠤ ᠨᠠᠮᠳᠠᠷ ᠵᠤᠬᠢᠶᠠᠯ᠂ ᠬᠤᠳᠤᠭᠳᠤ ᠬᠤᠪᠢᠯᠭᠠᠳ ᠤᠨ ᠲᠦᠷᠦᠯ ᠦᠶ ᠡ ᠶᠢᠨ ᠨᠠᠮᠳᠠᠷ ᠵᠤᠬᠢᠶᠠᠯ ᠪᠤᠯᠤᠨ ᠤᠠᠯᠨ ᠨᠠᠮᠳᠠᠷ ᠤᠳ ᠤᠨ ᠬᠤᠷᠢᠶᠠᠩᠭ᠋ᠤᠢ ᠬᠡᠮᠡᠨ ᠢᠯᠭᠠᠨ ᠬᠡᠯᠡᠯᠴᠡᠪᠡ᠃ ᠪᠠᠰᠠ ᠮᠤᠩᠭ᠋ᠤᠯ ᠪᠤᠷᠬᠠᠨ ᠤ ᠱᠠᠰᠢᠨ ᠤ ᠲᠡᠤᠭᠡ ᠪᠢᠴᠢᠯᠭᠡ ᠵᠢ ᠰᠠᠠᠭᠤᠷᠢᠯᠡᠭ᠍ᠰᠠᠨ ᠬᠤᠳᠤᠭᠳᠠᠢ ᠰᠡᠴᠡᠨ ᠬᠤᠩ ᠲᠠᠡᠢᠵᠢ ᠪᠤᠯᠤᠨ ᠡᠨᠡᠬᠦ ᠦᠢᠯᠡᠰ ᠲᠤ ᠬᠤᠰᠢᠭᠤᠴᠢᠯᠡᠠᠭᠰᠠᠨ ᠰᠢᠷᠡᠭᠡᠳᠤ ᠬᠦᠤᠰᠢ ᠴᠤᠷᠵᠢ ᠵᠢ ᠲᠤᠪᠤᠡᠢᠯᠭᠠᠨ ᠦᠬᠦᠯᠡᠵᠡᠢ᠃ |
Original Literature |
No Original Paper
|
出自 |
内蒙古社会科学(蒙文版)
2000年
第3期
|