Abstract |
ᠤᠳᠬ᠎ᠠ ᠵᠤᠬᠢᠶᠠᠯ ᠳᠤ ᠠᠪᠴᠤ ᠬᠡᠯᠡᠪᠡᠯ ᠪᠡᠯᠭᠡᠳᠡᠯ ᠪᠤᠯ ᠤᠷᠠᠯᠢᠭ ᠤᠨ ᠭᠤᠤ᠎ᠠ ᠰᠠᠢ᠌ᠬᠠᠨ ᠤ ᠨᠢᠭᠡ ᠵᠤᠢ᠌ᠯ ᠤᠨ ᠢᠯᠡᠷᠡᠭᠦᠯᠬᠦ ᠠᠷᠭ᠎ᠠ ᠪᠠᠷᠢᠯ ᠪᠤᠯᠬᠤ ᠶᠤᠮ᠃ ᠪᠡᠯᠭᠡᠳᠡᠯ ᠨᠢ ᠦᠭᠡᠰ ᠢᠯᠡ᠂ ᠰᠠᠨᠠᠭ᠎ᠠ ᠳᠠᠯᠳᠠ᠂ ᠤᠳᠬ᠎ᠠ ᠡᠴᠢᠨ᠎ᠡ ᠣᠨᠴᠠᠯᠢᠭ ᠲᠠᠢ᠃ ᠲᠡᠷᠡ ᠨᠢ ᠶᠡᠷᠦ ᠨᠢ ᠤᠷᠠᠨ ᠢᠶᠠᠷ ᠪᠡᠯᠭᠡᠳᠡᠬᠦ ᠪᠤᠶᠤ ᠰᠠᠮ ᠲᠤᠬᠢᠬᠤ ᠬᠡᠯᠪᠡᠷᠢ ᠪᠡᠷ ᠤᠩᠰᠢᠭᠴᠢᠳ ᠤᠨ ᠳᠤᠷ᠎ᠠ ᠰᠤᠨᠢᠷᠬᠠᠯ ᠢ ᠲᠠᠲᠠᠳᠠᠭ᠃ ᠣᠷᠴᠢᠨ ᠦᠶ᠎ᠡ ᠳᠦ 《ᠭᠡᠭᠡᠪᠴᠢ》᠂ 《ᠰᠠᠭᠰᠤ ᠶᠢᠨ ᠳᠤᠲᠤᠷᠠᠬᠢ ᠪᠠᠭ᠎ᠠ ᠰᠢᠪᠠᠭᠤ》᠂ 《ᠭᠡᠷ》᠂ 《ᠡᠯᠡᠰᠦ ᠮᠠᠩ᠋ᠬᠠ ᠶᠢᠨ ᠳᠤᠲᠤᠷ᠎ᠠ》ᠮᠡᠲᠦ ᠶᠢᠨ ᠮᠣᠩ᠋ᠭᠤᠯ ᠰᠢᠯᠦᠭ ᠦᠨ ᠪᠡᠯᠭᠡᠳᠡᠯ ᠦᠨ ᠭᠠᠢ᠌ᠬᠠᠮᠰᠢᠭ ᠢ ᠦᠵᠡᠭᠦᠯᠦᠭᠰᠡᠨ ᠰᠤᠳᠤᠨ ᠪᠦᠲᠦᠭᠡᠯ ᠦᠳ ᠢᠯᠡᠷᠡᠵᠡᠢ᠃ ᠡᠳᠡᠭᠡᠷ ᠰᠢᠯᠦᠭ ᠨᠢ ᠡᠭᠡᠯ ᠪᠤᠷᠤᠭᠵᠢᠭᠤᠨ ᠬᠡᠯᠡ ᠬᠡᠯᠡᠯᠭᠡ ᠶᠢᠨ ᠵᠠᠢ ᠳᠤ ᠡᠴᠢᠨ᠎ᠡ ᠭᠦᠨ ᠪᠡᠯᠭᠡᠳᠡᠯ ᠤᠳᠬ᠎ᠠ ᠶᠢ ᠠᠭᠤᠯᠤᠭᠰᠠᠨ ᠤ ᠬᠤᠪᠢ ᠳᠤ ᠤᠩᠰᠢᠭᠴᠢᠳ ᠲᠤ ᠶᠡᠷᠦ ᠪᠤᠰᠤ ᠶᠢᠨ ᠭᠤᠤ᠎ᠠ ᠰᠠᠢ᠌ᠬᠠᠨ ᠤ ᠬᠦᠷᠲᠡᠭᠡᠯ ᠢ ᠣᠯᠭᠤᠵᠤ ᠴᠢᠳᠠᠪᠠ᠃ |