Title |
ᠲᠡᠥᠬᠡᠨ ᠷᠤᠮᠠᠨ《ᠮᠢᠳᠠᠨ ᠬᠠᠲᠤᠨ》ᠪᠣᠯ ᠲᠡᠥᠬᠡ ᠶᠢᠨ ᠦᠨᠡᠨ ᠦ ᠪᠠᠲᠤ ᠭᠡᠷᠡᠴᠢ - ᠴ•ᠪᠦᠬᠡᠳᠡᠯᠭᠡᠷ ᠦᠨ《ᠮᠢᠳᠠᠨ ᠬᠠᠲᠤᠨ》ᠭᠡᠬᠦ ᠷᠤᠮᠠᠨ ᠢ ᠣᠩᠰᠢᠭᠠᠳ |
Creator |
ᠠᠯᠲᠠᠨᠪᠣᠯᠠᠭ; ᠬᠣ ᠬᠦᠢ ᠯᠢᠩ |
Keyword |
《ᠮᠢᠳᠠᠨ ᠬᠠᠲᠤᠨ》; ᠭᠠᠳᠠ ᠮᠠᠢ᠌ᠷᠠᠨ; ᠵᠡᠪᠰᠡᠭᠲᠦ ᠪᠣᠰᠤᠯᠭ᠎ᠠ; ᠲᠡᠥᠬᠡ ᠶᠢᠨ ᠦᠨᠡᠨ; ᠠᠮᠢᠳᠤᠷᠠᠯ ᠤᠨ ᠦᠨᠡᠨ; ᠤᠷᠠᠯᠢᠭ ᠤᠨ ᠦᠨᠡᠨ |
Abstract |
ᠦᠭᠦᠯᠡᠯ ᠳᠥ《ᠮᠢᠳᠠᠨ ᠬᠠᠲᠤᠨ》ᠷᠤᠮᠠᠨ ᠤ ᠲᠡᠥᠬᠡ ᠶᠢᠨ ᠦᠨᠡᠨ ᠳᠥ ᠰᠠᠭᠤᠷᠢᠯᠠᠨ᠂ ᠲᠡᠥᠬᠡ ᠶᠢᠨ ᠦᠨᠡᠨ ᠢ ᠪᠠᠷᠢᠮᠲᠠᠯᠠᠵᠤ᠂ ᠭᠠᠳᠠ ᠮᠠᠢ᠌ᠷᠠᠨ ᠬᠢᠭᠡᠳ ᠲᠡᠭᠦᠨ ᠦ ᠬᠠᠲᠤᠨ ᠮᠢᠳᠠᠨ ᠤ ᠬᠣᠷᠴᠢᠨ ᠮᠣᠩᠭ᠋ᠣᠯᠴᠤᠳ ᠤᠨ ᠭᠠᠵᠠᠷ ᠰᠢᠷᠤᠢ ᠶᠢᠨ ᠲᠦᠯᠦᠭᠡ ᠵᠡᠪᠰᠡᠭᠲᠦ ᠪᠣᠰᠤᠯᠭ᠎ᠠ ᠭᠠᠷᠭᠠᠭᠰᠠᠨ ᠦᠢᠯᠡ ᠠᠵᠢᠯᠯᠠᠭ᠎ᠠ ᠶᠢ ᠦᠨᠡᠨ ᠮᠦᠨ ᠢᠶᠡᠷ ᠳᠤᠰᠭᠠᠵᠤ᠂ ᠮᠢᠳᠠᠨ ᠬᠠᠲᠤᠨ ᠤ ᠠᠮᠢᠳᠤᠷᠠᠯ ᠤᠨ ᠦᠨᠡᠨ ᠢ ᠤᠷᠠᠯᠢᠭ ᠦᠨᠡᠨ ᠪᠣᠯᠭᠠᠨ ᠢᠯᠡᠷᠡᠭᠦᠯᠵᠡᠢ᠃ ᠭᠡᠭᠦ ᠳᠡᠭᠡᠨ ᠮᠢᠳᠠᠨ ᠬᠠᠲᠤᠨ ᠤ ᠭᠠᠲᠠ ᠮᠠᠢ᠌ᠷᠠᠨ ᠤ ᠪᠣᠰᠤᠯᠭ᠎ᠠ ᠳᠤ ᠪᠡᠶᠡᠴᠢᠯᠡᠨ ᠣᠷᠤᠯᠴᠠᠭᠰᠠᠨ ᠪᠠ ᠭᠠᠳᠠ ᠮᠠᠢ᠌ᠷᠠᠨ ᠢ ᠬᠢᠨᠳᠠᠨ ᠡᠴᠡ ᠬᠣᠶᠠᠷᠲᠠ ᠠᠪᠤᠷᠠᠭᠰᠠᠨ; ᠪᠠᠴᠢᠮ ᠦᠶ᠎ᠡ ᠳᠤ ᠪᠠᠢ᠌ᠯᠳᠤᠬᠤ ᠪᠣᠳᠤᠯᠭ᠎ᠠ ᠶᠢᠨ ᠲᠦᠰᠦᠪ ᠲᠣᠭᠳᠠᠭᠠᠭᠰᠠᠨ; ᠪᠣᠳᠠᠳᠠᠢ ᠬᠡᠷᠡᠭ ᠤᠴᠢᠷ ᠲᠤ ᠵᠦᠪᠯᠡᠭᠴᠢ ᠶᠢᠨ ᠦᠢᠯᠡᠳᠦᠯ ᠦᠵᠡᠭᠦᠯᠦᠭᠰᠡᠨ ᠵᠡᠷᠭᠡ ᠭᠠᠪᠢᠶ᠎ᠠ ᠵᠢᠳᠭᠦᠯ ᠢᠶᠡᠷ ᠨᠢ ᠮᠢᠳᠠᠨ ᠬᠠᠲᠤᠨ ᠪᠣᠯ ᠮᠣᠩᠭᠣᠯ ᠦᠨᠳᠦᠰᠦᠲᠡᠨ ᠦ ᠶᠡᠷᠦ ᠪᠣᠰᠤ ᠶᠢᠨ ᠡᠮᠡᠭᠲᠡᠢ ᠪᠠᠭᠠᠳᠤᠷ ᠪᠣᠯᠬᠤ ᠶᠢ ᠰᠢᠭᠦᠮᠵᠢᠯᠡᠨ ᠲᠣᠳᠣᠯᠵᠤ ᠦᠨᠡᠯᠵᠡᠢ᠃ |
Original Literature |
View Original Paper
|
出自 |
内蒙古民族大学学报(社会科学)
2008年
第3期
|