Title |
ᠱᠠᠰᠢᠨ ᠤ ᠰᠣᠶᠣᠯ ᠤᠨ ᠦᠨᠡᠲᠦ ᠲᠤᠷᠠᠰᠬᠠᠯ—ᠠᠷᠦ ᠬᠣᠷᠴᠢᠨ ᠤ ᠬᠠᠭᠠᠨ ᠰᠦᠮ ᠡ |
Creator |
ᠡᠦ ᠣᠷᠭᠢᠯ |
Keyword |
ᠠᠷᠦ ᠬᠣᠷᠴᠢᠨ; ᠬᠠᠭᠠᠨ ᠰᠦᠮ ᠡ; ᠯᠢᠭᠳᠡᠨ ᠬᠠᠭᠠᠨ; ᠪᠣᠳ᠋ᠳ᠋ᠾᠠ ᠶᠢᠨ ᠰᠠᠱᠢᠨ; ᠯᠠᠮᠠ ᠬᠣᠸᠠᠷᠠᠭ; ᠬᠤᠷᠠᠯ ᠨᠠᠮ ᠤᠨ ᠠᠵᠢᠯᠯᠠᠭᠠᠨ |
Abstract |
ᠠᠷᠦ ᠬᠣᠷᠴᠢᠨ ᠬᠤᠰᠢᠭᠤᠨ ᠤ ᠲᠡᠦᠬᠡᠨ ᠳᠤ ᠶᠡᠬᠡ ᠪᠠᠭ᠋ ᠠ ᠬᠣᠷᠢᠨ ᠲᠦᠷᠪᠡᠨ ᠰᠦᠮ ᠡ ᠬᠡᠢᠢᠳ ᠢ ᠤᠷᠢᠳ ᠬᠣᠵᠢᠳ ᠪᠠᠢᠢᠭᠤᠯᠵᠤ ᠦᠩᠭᠡᠷᠡᠭᠰᠡᠨ ᠪᠦᠭᠡᠳ ᠲᠡᠭᠦᠨ ᠤ ᠲᠣᠲᠤᠷ ᠠ ᠪᠠᠢᠢᠭᠤᠯᠤᠭᠰᠠᠨ ᠣᠨ ᠴᠠᠭ ᠤᠨ ᠡᠷᠲᠡ᠂ ᠪᠠᠷᠢᠯᠭ᠋ ᠠ᠂ ᠪᠣᠷᠬᠠᠨ ᠰᠢᠲᠦᠭᠡᠨ᠂ ᠨᠣᠮ ᠰᠣᠳᠤᠷ ᠤᠨ ᠬᠠᠳᠠᠭᠠᠯᠠᠯᠲᠠ᠂ ᠰᠠᠱᠢᠨ(ᠬᠤᠷᠠᠯ ᠤᠨ) ᠠᠵᠢᠯᠯᠠᠭᠠᠨ ᠤ ᠬᠦᠷᠢᠶ ᠡ ᠬᠡᠪᠴᠢᠶ ᠡ᠂ ᠪᠣᠷᠬᠠᠨ ᠲᠠᠬᠢᠯ᠂ ᠪᠣᠶᠠᠨ ᠦᠢᠯᠡᠳᠦᠯ᠂ ᠪᠢᠢᠷᠢ ᠰᠠᠭᠤᠷᠢ ᠶᠢᠨᠠᠯᠢ ᠴᠤ ᠲᠠᠯ ᠠ ᠪᠡᠷ ᠢᠢᠡᠨᠬᠠᠭᠠᠨ ᠰᠦᠮ ᠡ ᠣᠷᠦᠢᠯᠠᠳᠠᠭ ᠪᠠᠢᠢᠨ᠌ ᠠ᠃ ᠬᠠᠭᠠᠨ ᠰᠦᠮ ᠡ ᠪᠣᠯ ᠠᠷᠤ ᠬᠣᠷᠴᠢᠨ ᠬᠤᠰᠢᠭᠤᠨ ᠤ ᠬᠠᠭᠠᠨ ᠰᠦᠮ ᠡ ᠰᠣᠮᠤᠨ ᠤ ᠨᠤᠲᠤᠭ ᠲᠤ ᠬᠠᠬᠢᠷ ᠤᠨ ᠭᠣᠣᠯ ᠤᠨ ᠬᠣᠢᠢᠲᠤ ᠲᠡᠨᠵᠢᠨ ᠳᠤ᠂ᠪᠠᠶᠠᠨ—ᠴᠠᠭᠠᠨ᠂ ᠡᠷᠳᠡᠨᠢ ᠬᠡᠮᠡᠬᠦ ᠶᠡᠬᠡ ᠠᠭᠤᠯᠠ ᠵᠢ ᠲᠦᠰᠢᠨ ᠣᠷᠤᠰᠢᠵᠤ ᠪᠣᠢ᠃ ᠣᠢᠢᠷ ᠠ ᠣᠷᠴᠢᠨ ᠦᠶ ᠡ ᠳᠤ ᠬᠠᠭᠠᠨ ᠰᠦᠮ ᠡ ᠨᠢ ᠡᠷᠲᠡᠨ ᠤ ᠤᠯᠠᠮᠵᠢᠯᠠᠯ ᠤᠨ ᠶᠣᠰᠤ ᠪᠠᠨ ᠪᠠᠷᠢᠵᠤ ᠠᠷᠤ ᠬᠣᠷᠴᠢᠨ ᠬᠤᠰᠢᠭᠤᠨ ᠤ ᠤᠯᠤᠰ ᠲᠦᠷᠦ᠂ ᠠᠵᠦ ᠠᠬᠣᠢ᠂ ᠰᠠᠱᠢᠨ ᠰᠤᠷᠲᠠᠬᠤᠨ᠂ ᠴᠡᠷᠢᠭ ᠲᠠᠢᠢᠨ ᠤ ᠭᠤᠤᠯ ᠭᠠᠵᠠᠷ ᠪᠣᠯᠵᠤ ᠪᠠᠢᠢᠵᠠᠢ᠃ ᠵᠢᠯ ᠪᠦᠷᠢ ᠶᠢᠨ 6 ᠰᠠᠠᠷ ᠠ ᠳᠤ ᠠᠷᠤ ᠬᠣᠷᠴᠢᠨ ᠬᠤᠰᠢᠭᠤᠨ ᠤ ᠵᠠᠰᠠᠭ ᠨᠣᠶᠠᠳ᠂ ᠠᠷᠤ ᠬᠣᠷᠴᠢᠨ ᠤ ᠪᠣᠰᠤᠳ ᠰᠦᠮ ᠡ ᠬᠡᠢᠢᠳ ᠤᠨ ᠯᠠᠮᠠ ᠬᠣᠸᠠᠷᠠᠭ ᠤᠳ ᠬᠠᠭᠠᠨ ᠰᠦᠮ ᠡ ᠳᠤ ᠴᠤᠭᠯᠠᠷᠠᠨ ᠨᠣᠮ ᠬᠤᠷᠠᠵᠤ᠂ ᠲᠦᠷᠦ ᠱᠢᠰᠢᠨ ᠤ ᠬᠠᠤᠯᠢ ᠲᠦᠷᠢᠮ ᠢᠢᠡᠨ ᠲᠣᠭᠲᠠᠭᠠᠨ ᠵᠠᠷᠯᠠᠳᠠᠭ ᠪᠠᠢᠢᠵᠠᠷ᠃ |
Original Literature |
View Original Paper
|
出自 |
中国蒙古学
2012年
第2期
|