Paper Information


Title ᠠᠮᠢ ᠠᠬᠤᠢ ᠶᠢᠨ ᠬᠡᠯᠡ ᠰᠢᠨᠵᠢᠯᠡᠯ ᠦᠨ ᠣᠨᠣᠯ ᠬᠢᠭᠡᠳ ᠰᠤᠳᠤᠯᠤᠭᠳᠠᠬᠤᠨ
Creator ᠰᠠᠷᠠᠨ
Keyword ᠠᠮᠢ ᠠᠬᠤᠢ ᠶᠢᠨ ᠬᠡᠯᠡ ᠰᠢᠨᠵᠢᠯᠡᠯ; ᠬᠡᠯᠡᠨ ᠦ ᠠᠮᠢ ᠠᠬᠤᠢ ᠶᠢᠨ ᠰᠢᠨᠵᠢ; ᠬᠡᠯᠡᠨ ᠦ ᠠᠮᠢᠵᠢᠷᠠᠯ ᠤᠨ ᠬᠦᠴᠦᠨ
Abstract ᠠᠮᠢ ᠠᠬᠤᠢ ᠶᠢᠨ ᠬᠡᠯᠡ ᠰᠢᠨᠵᠢᠯᠡᠯ ᠪᠤᠯ ᠬᠡᠯᠡ ᠰᠢᠨᠵᠢᠯᠡᠯ ᠦᠨ ᠬᠦᠷᠢᠶᠡᠨ ᠳᠦ ᠰᠢᠨ᠎ᠡ  ᠪᠡᠷ ᠦᠷᠨᠢᠨ ᠬᠦᠭ᠍ᠵᠢᠵᠦ ᠪᠠᠢ᠌ᠭ᠎ᠠ ᠰᠢᠨᠵᠢᠯᠡᠭᠡᠨ ᠪᠤᠯᠤᠨ᠎ᠠ᠃ ᠠᠮᠢ ᠠᠬᠤᠢ ᠶᠢᠨ ᠬᠡᠯᠡ ᠰᠢᠨᠵᠢᠯᠡᠯ ᠪᠤᠯ ᠬᠡᠯᠡ ᠬᠢᠭᠡᠳ ᠲᠡᠭᠦᠨ ᠦ ᠠᠮᠢ ᠠᠬᠤᠢ ᠶᠢᠨ ᠨᠦᠯᠦᠭᠡᠯᠡᠯᠴᠡᠯ ᠦᠨ ᠬᠠᠷᠢᠴᠠᠭ᠎ᠠ ᠶᠢ ᠰᠢᠨᠵᠢᠯᠡᠳᠡᠭ᠃ ᠲᠡᠷᠡ ᠨᠢ ᠠᠮᠢ ᠠᠬᠤᠢ ᠶᠢᠨ ᠰᠤᠳᠤᠯᠤᠯ ᠤᠨ ᠣᠨᠣᠯ ᠢ ᠬᠡᠷᠡᠭᠯᠡᠨ᠂ ᠬᠡᠯᠡᠨ ᠦ ᠪᠦᠲᠦᠴᠡ ᠬᠢᠭᠡᠳ ᠬᠡᠷᠡᠭᠯᠡᠭᠡᠨ ᠢ ᠨᠦᠯᠦᠭᠡᠯᠡᠬᠦ ᠠᠮᠢ ᠠᠬᠤᠢ ᠶᠢᠨ ᠡᠯᠧᠮᠧᠨ᠋ᠲ ᠤᠨ ᠪᠠᠢ᠌ᠳᠠᠯ ᠢ ᠪᠠᠢ᠌ᠴᠠᠭᠠᠬᠤ ᠪᠠᠷ ᠳᠠᠮᠵᠢᠨ᠂ ᠬᠡᠯᠡᠨ ᠦ ᠠᠮᠢᠵᠢᠷᠠᠯ ᠤᠨ ᠬᠦᠴᠦᠨ ᠬᠢᠭᠡᠳ ᠬᠦᠭ᠍ᠵᠢᠯᠲᠡ ᠶᠢᠨ ᠬᠠᠨᠳᠤᠰᠢ ᠶᠢ ᠰᠦᠪᠡᠭ᠍ᠴᠢᠯᠡᠬᠦ ᠶᠢᠨ ᠬᠠᠮᠲᠤ ᠬᠡᠯᠡ ᠨᠢ ᠠᠮᠢ ᠠᠬᠤᠢ ᠲᠠᠢ ᠪᠠᠨ ᠬᠡᠷᠬᠢᠨ ᠲᠤᠬᠢᠷᠠᠯᠴᠠᠵᠤ ᠪᠠᠢ᠌ᠬᠤᠶᠢ ᠰᠢᠨᠵᠢᠯᠡᠳᠡᠭ᠃ ᠠᠮᠢ ᠠᠬᠤᠢ ᠶᠢᠨ ᠬᠡᠯᠡ ᠰᠢᠨᠵᠢᠯᠡᠯ ᠦᠨ ᠣᠨᠣᠯ ᠪᠠ ᠠᠷᠭ᠎ᠠ ᠪᠠᠷ ᠮᠣᠩ᠋ᠭᠤᠯ ᠬᠡᠯᠡᠨ ᠦ ᠬᠡᠷᠡᠭᠯᠡᠭᠡᠨ ᠦ ᠪᠠᠢ᠌ᠳᠠᠯ ᠢ ᠰᠢᠨᠵᠢᠯᠡᠬᠦ ᠨᠢ ᠲᠤᠩ ᠶᠡᠬᠡ ᠣᠨᠣᠯ ᠪᠠ ᠦᠢᠯᠡᠳᠦᠯᠭᠡ ᠶᠢᠨ ᠠᠴᠢ ᠬᠤᠯᠪᠤᠭᠳᠠᠯ ᠲᠠᠢ᠃
Original Literature View Original Paper
出自 蒙古学研究 2011年 第4期

联系我们


内蒙古大学图书馆
呼和浩特市大学西路235号
中国·内蒙古
P: (0471) 4992561
E: huangfeilong@imu.edu.cn