Paper Information


Title ᠲᠠᠢᠪᠤᠩ ᠴᠠᠬᠢᠯᠭᠠᠨ ᠰᠢᠷᠬᠡᠭᠲᠦ ᠮᠡᠷᠭᠡᠵᠢᠯ ᠢᠶᠡᠷ TiO2 ᠨᠠᠭᠤ᠋ ᠰᠢᠷᠬᠡᠭᠯᠢᠭ ᠢ ᠭᠠᠷᠭᠠᠨ ᠠᠪᠴᠤ ᠵᠢᠴᠢ ᠲᠡᠭᠦᠨ ᠦ ᠭᠡᠷᠡᠯ ᠲᠦᠷᠭᠡᠳᠭᠡᠬᠦ ᠴᠢᠨᠠᠷ ᠤᠨ ᠲᠤᠬᠠᠢ
Creator ᠳᠠᠪᠬᠤᠷᠪᠠᠶᠠᠷ; ᠪᠤᠤ ᠯᠠᠨ
Keyword ᠨᠠᠭᠤ᠋ TiO2 ᠤᠨ ᠰᠡᠷᠬᠡᠭᠯᠢᠭ; ᠲᠠᠢᠪᠤᠩ ᠴᠠᠬᠢᠯᠭᠠᠨ ᠰᠢᠷᠬᠡᠭᠲᠦ ᠮᠡᠷᠭᠡᠵᠢᠯ; ᠭᠡᠷᠡᠯ ᠲᠦᠷᠭᠡᠳᠭᠡᠬᠦ ᠰᠢᠨᠵᠢ ᠴᠢᠨᠠᠷ
Abstract ᠪᠦᠬᠡᠮᠡᠨᠡᠷᠡᠯ ᠡᠲ᠋ᠧᠨ ᠫᠠᠷᠤᠯ ᠠᠯᠺᠠᠨ ᠺᠧᠲ᠋ᠤᠨ (PVP 1300000)᠂ ᠲᠢᠲ᠋ᠠᠨ ᠬᠦᠴᠢᠯ ᠦᠨ ᠳᠦᠷᠪᠡᠴᠢ ᠲᠦᠲ᠋ᠢᠯ ᠡᠰᠲ᠋ᠧᠷ (TBT)᠂ ᠼᠤᠤ ᠬᠦᠴᠢᠯ ᠪᠡ ᠡᠲ᠋ᠢᠯ ᠠᠯᠺᠤᠤᠯ ᠢᠶᠠᠷ ᠲᠦᠭᠦᠬᠡᠢ ᠡᠳ᠋ ᠪᠤᠯᠭᠠᠵᠤ ᠲᠠᠢᠪᠤᠩ ᠴᠠᠬᠢᠯᠭᠠᠨ ᠰᠢᠷᠬᠡᠭᠲᠦ ᠮᠡᠷᠭᠡᠵᠢᠯ ᠢ ᠠᠰᠢᠭᠯᠠᠨ᠂ PVP ᠪᠤᠯᠤᠨ TBT ᠋ ᠤᠨ ᠠᠳᠠᠯᠢ ᠪᠤᠰᠤ ᠠᠭᠤᠯᠤᠭᠳᠠᠴᠠ ᠲᠠᠢ PVP/TBT᠋ ᠤᠨ ᠨᠡᠢᠯᠡᠮᠡᠯ ᠨᠠᠭᠤ᠋ ᠰᠢᠷᠬᠡᠭᠯᠢᠭ ᠢ ᠭᠠᠷᠭᠠᠨ ᠠᠪᠬᠤ ᠶᠢᠨ ᠬᠠᠮᠲᠤ᠂ ᠦᠨᠳᠦᠷ ᠲᠤᠯᠭᠠᠭᠴᠠᠲᠤ ᠬᠠᠯᠭᠠᠯᠲᠠ ᠪᠠᠷ ᠳᠠᠮᠵᠢᠵᠤ᠂ ᠣᠭᠲᠤᠯᠤᠭᠠᠰᠤ ᠶᠢᠨ ᠲᠠᠯᠠᠪᠠᠢ ᠨᠢ ᠠᠳᠠᠯᠢ ᠪᠤᠰᠤ ᠶᠢᠨ ᠨᠠᠭᠤ᠋ ᠳᠡᠰ ᠦᠨ TiO2 ᠰᠢᠷᠬᠡᠭᠯᠢᠭ ᠢ ᠣᠯᠣᠭᠰᠠᠨ ᠪᠠᠢᠨ᠎ᠠ᠃ ᠪᠦᠲᠦᠭᠡᠭᠳᠡᠭᠦᠨ ᠦ ᠪᠦᠲᠦᠴᠡ ᠪᠡ ᠬᠡᠯᠪᠡᠷᠢ ᠳᠦᠷᠰᠦ ᠶᠢ XRD ᠪᠤᠯᠤᠨ SEM᠋ ᠤᠨ ᠮᠡᠷᠭᠡᠵᠢᠯ ᠢᠶᠡᠷ ᠳᠠᠮᠵᠢᠨ ᠨᠤᠲᠠᠯᠠᠯᠲᠠ ᠬᠢᠬᠦ ᠶᠢᠨ ᠬᠠᠮᠲᠤ᠂ ᠯᠦᠸᠧ ᠤᠨ ᠮᠢᠩ (RB) ᠢᠶᠠᠷ ᠪᠤᠵᠠᠷᠲᠤᠯ ᠪᠤᠳᠠᠰ ᠪᠤᠯᠭᠠᠨ ᠬᠦᠷᠢᠨ ᠦ ᠭᠠᠳᠠᠨᠠᠬᠢ ᠭᠡᠷᠡᠯ ᠳᠤᠰᠬᠠᠬᠤ ᠨᠦᠬᠦᠴᠡᠯ ᠳᠤᠤᠷ᠎ᠠ ᠭᠡᠷᠡᠯ ᠲᠦᠷᠭᠡᠳᠭᠡᠭᠦᠷ ᠦᠨ ᠰᠢᠨᠵᠢ ᠴᠢᠨᠠᠷ ᠤᠨ ᠰᠤᠳᠤᠯᠤᠯᠲᠠ ᠬᠢᠭᠰᠡᠨ ᠪᠠᠢᠨ᠎ᠠ᠃ ᠲᠤᠷᠰᠢᠯᠲᠠ ᠠᠴᠠ ᠮᠡᠳᠡᠬᠦ ᠨᠢ᠂ ᠨᠡᠢᠯᠡᠭᠦᠯᠦᠨ ᠪᠦᠲᠦᠭᠡᠭᠰᠡᠨ ᠨᠠᠭᠤ᠋ TiO2᠋ ᠤᠨ ᠰᠢᠷᠬᠡᠭᠯᠢᠭ ᠨᠢ ᠣᠨᠴᠠ ᠰᠠᠢᠨ ᠭᠡᠷᠡᠯ ᠲᠦᠷᠭᠡᠳᠭᠡᠭᠦᠷ ᠦᠨ ᠰᠢᠨᠵᠢ ᠴᠢᠨᠠᠷ ᠲᠠᠢ ᠪᠦᠭᠡᠳ ᠲᠡᠭᠦᠨ ᠦ ᠭᠡᠷᠡᠯ ᠲᠦᠷᠭᠡᠳᠭᠡᠭᠦᠷ ᠦᠨ ᠰᠢᠨᠵᠢ ᠴᠢᠨᠠᠷ ᠨᠢ ᠲᠦᠭᠦᠬᠡᠢ ᠡᠳ᠋ ᠲᠦ TBT᠋ ᠤᠨ ᠠᠭᠤᠯᠤᠭᠳᠠᠴᠠ ᠶᠢᠨ ᠪᠠᠭᠠᠰᠬᠤ ᠶᠢ ᠳᠠᠭᠠᠯᠳᠤᠨ ᠤᠯᠠᠮ ᠢᠶᠠᠷ ᠰᠠᠢᠵᠢᠷᠠᠬᠤ ᠶᠢ ᠣᠯᠵᠤ ᠮᠡᠳᠡᠭᠰᠡᠨ ᠪᠠᠢᠨ᠎ᠠ᠃
Original Literature No Original Paper
出自 内蒙古民族大学学报(自然科学) 2015年 第2期

联系我们


内蒙古大学图书馆
呼和浩特市大学西路235号
中国·内蒙古
P: (0471) 4992561
E: huangfeilong@imu.edu.cn