Paper Information


Title ᠦᠪᠦᠷ ᠮᠣᠩ᠋ᠭᠤᠯ ᠤᠨ ᠵᠠᠩ ᠦᠢᠯᠡ ᠰᠤᠶᠤᠯ ᠤᠨ ᠣᠨᠴᠠᠯᠢᠭᠲᠤ ᠤᠰᠤᠨ ᠪᠤᠳᠤᠭ ᠨ ᠵᠢᠷᠤᠭ ᠤᠨ ᠤᠯᠠᠮᠵᠢᠯᠠᠯ ᠬᠢᠭᠡᠳ ᠬᠦᠭ᠍ᠵᠢᠯᠲᠡ
Creator ᠴᠠᠩ ᠬᠠᠢ
Keyword ᠤᠰᠤᠨ ᠪᠤᠳᠤᠭ ᠤᠨ ᠵᠢᠷᠤᠭ; ᠦᠨᠳᠦᠰᠦᠲᠡᠨ ᠦ ᠣᠨᠴᠠᠯᠢᠭ; ᠵᠠᠩ ᠰᠡᠳᠬᠢᠯᠭᠡ; ᠤᠯᠠᠮᠵᠢᠯᠠᠯ ᠵᠠᠯᠭᠠᠮᠵᠢᠯᠠᠯ; ᠬᠦᠭ᠍ᠵᠢᠯᠲᠡ
Abstract ᠦᠪᠦᠷ ᠮᠣᠩ᠋ᠭᠤᠯ ᠤᠨ ᠦᠨᠳᠦᠰᠦᠲᠡᠨ ᠦ ᠰᠳᠦᠪᠲᠦ ᠤᠰᠤᠨ ᠪᠤᠳᠤᠭ ᠤᠨ ᠵᠢᠷᠤᠭ ᠨᠢ ᠦᠪᠡᠷᠮᠢᠴᠡ ᠠᠭᠤᠯᠬᠤᠨ ᠪᠠ ᠦᠨᠳᠦᠰᠦᠲᠡᠨ ᠦ ᠣᠨᠴᠠᠯᠢᠭ ᠢᠶᠠᠷ ᠴᠢᠩ᠋ᠭ᠎ᠠ ᠪᠠᠢ᠌ᠳᠠᠭ᠃ ᠲᠡᠷᠡ ᠨᠢ ᠦᠷᠭᠡᠨ ᠠᠭᠤᠳᠠᠮ ᠲᠠᠯ᠎ᠠ ᠨᠤᠲᠤᠭ ᠤᠨ ᠪᠠᠢ᠌ᠭᠠᠯᠢ ᠶᠢᠨ ᠦᠵᠡᠮᠵᠢ ᠬᠢᠭᠡᠳ ᠦᠨᠳᠦᠰᠦᠲᠡ ᠦ ᠤᠮᠤᠭ ᠵᠢᠪᠬᠤᠭᠠᠯᠢᠭ ᠰᠡᠳᠬᠢᠯᠭᠡ ᠶᠢᠨ ᠠᠭᠤᠰᠤᠯᠴᠠᠯ ᠢᠶᠠᠷ ᠤᠷᠠᠯᠢᠭ ᠤᠨ ᠲᠠᠲᠠᠬᠤ ᠬᠦᠴᠦᠨ ᠢᠶᠡᠨ ᠪᠤᠯᠭᠠᠵᠤ᠂ ᠮᠣᠩ᠋ᠭᠤᠯ ᠦᠨᠳᠦᠰᠦᠲᠡᠨ ᠦ ᠨᠡᠢ᠌ᠭᠡᠮ ᠦᠨ ᠪᠠᠢ᠌ᠳᠠᠯ᠂ ᠰᠢᠲᠦᠯᠭᠡ ᠪᠢᠰᠢᠷᠡᠯ᠂ ᠠᠮᠢᠳᠤᠷᠠᠯ ᠤᠨ ᠳᠠᠳᠬᠠᠯ ᠢ ᠦᠨᠡᠨ ᠪᠤᠳᠠᠲᠠᠢ᠂ ᠠᠮᠢᠳᠤᠯᠢᠭ ᠢᠶᠠᠷ ᠢᠯᠡᠷᠡᠭᠦᠯᠬᠦ ᠶᠢᠨ ᠬᠠᠮᠲᠤ ᠮᠣᠩ᠋ᠭᠤᠯ ᠬᠦᠮᠦᠨ ᠦ ᠦᠪᠡᠷᠮᠢᠴᠡ ᠵᠤᠷᠢᠭ ᠰᠠᠨᠠᠭ᠎ᠠ ᠬᠢᠭᠡᠳ ᠭᠤᠤ᠎ᠠ ᠰᠠᠢ᠌ᠬᠠᠨ ᠤ ᠰᠡᠳᠬᠢᠭᠦᠢ ᠶᠢ ᠬᠠᠷᠠᠭᠤᠯᠳᠠᠭ᠃ ᠭᠠᠭᠴᠠ ᠭᠦ ᠦᠨᠳᠦᠰᠦᠲᠡᠨ ᠦ ᠰᠤᠶᠤᠯ᠂ ᠵᠠᠩ ᠰᠡᠳᠬᠢᠯᠭᠡ ᠵᠡᠷᠭᠡ ᠶᠢ ᠭᠦᠨ ᠤᠬᠠᠵᠤ᠂ ᠭᠦᠨᠵᠡᠭᠡᠢ ᠣᠢ᠌ᠯᠠᠭᠠᠮᠵᠢᠯᠠᠨ ᠰᠠᠶ‍ᠢ ᠦᠨᠳᠦᠰᠦᠲᠡᠨ ᠦ ᠰᠡᠳᠦᠪᠲᠦ ᠤᠰᠤᠨ ᠪᠤᠳᠤᠭ ᠤᠨ ᠵᠢᠷᠤᠭ ᠤᠨ ᠤᠷᠠᠯᠢᠭ ᠤᠨ ᠬᠡᠯᠪᠡᠷᠢ᠂ ᠤᠶᠤᠨ ᠤ ᠬᠦᠴᠦᠰᠦ ᠶᠢ ᠪᠤᠳᠠᠲᠠᠢ ᠮᠠᠷᠲᠠᠵᠤ᠂ ᠮᠦᠨ ᠲᠡᠭᠦᠨ ᠦ ᠪᠦᠬᠦᠢ᠌ᠯᠡ ᠦᠨᠳᠦᠰᠦᠲᠡᠨ ᠦ ᠤᠷᠠᠨ ᠵᠢᠷᠤᠭ ᠤᠨ ᠬᠦᠷᠢᠶᠡᠨ ᠳᠡᠬᠢ ᠪᠠᠢ᠌ᠷᠢ ᠰᠠᠭᠤᠷᠢ ᠶᠢ ᠰᠠᠢ᠌ᠲᠤᠷ ᠣᠢ᠌ᠯᠠᠭᠠᠵᠤ ᠳᠡᠢ᠌ᠯᠦᠨ᠎ᠡ᠂ ᠡᠭᠦᠨ ᠦ ᠤᠯᠠᠮ ᠢᠶᠠᠷ ᠦᠨᠳᠦᠰᠦᠲᠡᠨ ᠦ ᠰᠤᠶᠤᠯ ᠤᠷᠠᠯᠢᠭ ᠢᠶᠠᠨ ᠤᠯᠠᠮ ᠴᠠᠭᠠᠰᠢᠲᠠ ᠪᠠᠳᠠᠷᠠᠭᠠᠨ ᠬᠦᠭ᠍ᠵᠢᠭᠦᠯᠵᠦ ᠴᠢᠳᠠᠨ᠎ᠠ᠃
Original Literature View Original Paper
出自 中国蒙古学 2013年 第1期

联系我们


内蒙古大学图书馆
呼和浩特市大学西路235号
中国·内蒙古
P: (0471) 4992561
E: huangfeilong@imu.edu.cn