Paper Information


Title 《ᠴᠢᠩᠭᠢᠰ ᠬᠠᠭᠠᠨ ᠤ ᠨᠠᠢᠮᠠᠨ ᠴᠠᠭᠠᠨ ᠤᠷᠳᠤ》ᠴᠤᠪᠤᠷᠠᠯ ᠪᠢᠴᠢᠭ᠌ ᠢ ᠲᠠᠨᠢᠯᠴᠠᠭᠤᠯᠬᠤ ᠨᠢ ᠎—— 《ᠴᠢᠩᠭᠢᠰ ᠬᠠᠭᠠᠨ ᠤ ᠠᠯᠳᠠᠨ ᠪᠢᠴᠢᠭ᠌》 ᠤᠨ ᠪᠢᠴᠢᠭ᠍ᠳᠡᠵᠦ ᠵᠠᠰᠠᠭᠳᠠᠭᠰᠠᠨ ᠪᠠ ᠠᠷᠢᠭᠤᠳᠬᠠᠨ ᠲᠤᠩᠭ᠋ᠠᠭᠰᠠᠨ ᠲᠤᠢ᠌ᠮᠤ
Creator ᠪᠠᠨᠽᠠᠷ; ᠪᠤᠶᠠᠨ; ᠨᠠᠰᠤᠨ᠋ᠡᠦ᠋ᠯᠵᠡᠢ; ᠠᠭᠤᠯᠠ
Keyword ᠴᠢᠩᠭᠢᠰ ᠬᠠᠭᠠᠨ; ᠠᠯᠳᠠᠨ ᠪᠢᠴᠢᠭ᠌; ᠠᠷᠢᠭᠤᠳᠬᠠᠨ ᠲᠤᠩᠭ᠋ᠠᠬᠤ
Abstract 《ᠴᠢᠩᠭᠢᠰ ᠬᠠᠭᠠᠨ ᠤ ᠨᠠᠢᠮᠠᠨ ᠴᠠᠭᠠᠨ ᠤᠷᠳᠤ》ᠴᠤᠪᠤᠷᠠᠯ ᠪᠢᠴᠢᠭ᠌ ᠲᠤ《ᠴᠢᠩᠭᠢᠰ ᠬᠠᠭᠠᠨ ᠤ ᠨᠠᠢᠮᠠᠨ ᠴᠠᠭᠠᠨ ᠤᠷᠳᠤ》᠂《ᠴᠢᠩᠭᠢᠰ ᠬᠠᠭᠠᠨ ᠤ ᠨᠠᠢᠮᠠᠨ ᠴᠠᠭᠠᠨ ᠤᠷᠳᠤ ᠪᠤᠯᠤᠨ ᠤᠷᠳᠤᠰᠴᠤᠳ》᠂《ᠴᠢᠩᠭᠢᠰ ᠬᠠᠭᠠᠨ ᠤ ᠠᠯᠳᠠᠨ ᠪᠢᠴᠢᠭ᠌》ᠵᠡᠷᠭᠡ ᠭᠤᠷᠪᠠᠨ ᠨᠤᠮ ᠪᠠᠭᠳᠠᠳᠠᠭ᠃ ᠡᠨᠡᠬᠦ ᠭᠤᠷᠪᠠᠨ ᠨᠤᠮ ᠨᠢ ᠠᠳᠠᠯᠢ ᠪᠤᠰᠤ ᠲᠠᠯ᠎ᠠ ᠡᠴᠡ ᠴᠢᠩᠭᠢᠰ ᠬᠠᠭᠠᠨ ᠤ ᠨᠠᠢᠮᠠᠨ ᠴᠠᠭᠠᠨ ᠤᠷᠳᠤ ᠶᠢ ᠰᠠᠬᠢᠨ ᠬᠠᠮᠠᠭᠠᠯᠠᠵᠤ᠂ ᠲᠠᠢ᠌ᠯᠭ᠎ᠠ ᠲᠠᠬᠢᠯᠭ᠎ᠠ ᠶᠢ ᠡᠷᠬᠢᠯᠡᠨ ᠶᠠᠪᠤᠭᠳᠠᠭᠤᠯᠵᠤ ᠪᠠᠢ᠌ᠭᠰᠠᠨ ᠪᠠᠢ᠌ᠳᠠᠯ ᠢ ᠲᠤᠰᠬᠠᠨ ᠲᠡᠮᠳᠡᠭᠯᠡᠵᠡᠢ᠃ ᠡᠭᠦᠨ ᠳᠤ《ᠴᠢᠩᠭᠢᠰ ᠬᠠᠭᠠᠨ ᠤ ᠠᠯᠳᠠᠨ ᠪᠢᠴᠢᠭ᠌》 ᠪᠤᠯ ᠦᠭᠡᠳᠡᠢ ᠬᠠᠭᠠᠨ ᠤ ᠦᠶ᠎ᠡ ᠳᠤ ᠲᠤᠩᠭ᠋ᠠᠭᠳᠠᠭᠰᠠᠨ ᠴᠢᠩᠭᠢᠰ ᠬᠠᠭᠠᠨ ᠤ ᠨᠠᠢᠮᠠᠨ ᠴᠠᠭᠠᠨ ᠤᠷᠳᠤ ᠶᠢᠨ ᠲᠠᠢ᠌ᠯᠭ᠎ᠠ ᠲᠠᠬᠢᠯᠭ᠎ᠠ ᠪᠡᠷ ᠭᠤᠤᠯ ᠠᠭᠤᠯᠭ᠎ᠠ ᠪᠠᠨ ᠪᠤᠯᠭᠠᠭᠰᠠᠨ ᠲᠤᠯᠭᠤᠷ ᠪᠢᠴᠢᠭ᠌ ᠤᠨ ᠡᠮᠬᠢᠳᠭᠡᠯ ᠪᠤᠯᠤᠨ᠎ᠠ᠃ ᠲᠤ ᠨᠤᠮ ᠪᠢᠴᠢᠭ᠍ᠳᠡᠭᠰᠡᠨ ᠡᠴᠡ ᠬᠤᠢ᠌ᠰᠢ ᠬᠤᠪᠢᠯᠠᠢ ᠰᠡᠴᠡᠨ ᠬᠠᠭᠠᠨ ᠪᠠ ᠪᠠᠳᠤᠯᠦ᠋ᠩᠬᠡ ᠲᠠᠶᠠᠨ ᠬᠠᠭᠠᠨ ᠤ ᠦᠶ᠎ᠡ ᠳᠤ ᠬᠤᠠᠶᠷ ᠤᠳᠬ᠎ᠠ ᠨᠦᠬᠦᠪᠦᠷᠢᠯᠡᠭᠳᠡᠨ ᠵᠠᠰᠠᠭᠳᠠᠵᠤ ᠦᠩᠭᠡᠷᠡᠭᠰᠡᠨ ᠶᠢᠡᠷ ᠪᠠᠷᠠᠬᠤ ᠦᠭᠡᠢ ᠤᠷᠢᠳ ᠬᠤᠵᠢᠳ ᠨᠡᠢ᠌ᠳᠡ ᠲᠠᠪᠤᠨᠳᠠ ᠠᠷᠢᠭᠤᠳᠬᠠᠭᠳᠠᠵᠠᠢ᠃ ᠡᠭᠦᠨ ᠤ ᠰᠠᠭᠤᠷᠢᠨ ᠲᠡᠭᠡᠷ᠎ᠡ ᠴᠢ ᠵᠦᠩ ᠢ ᠨᠠᠰᠤᠳᠠᠨ ᠤ ᠡᠷᠬᠢᠯᠡᠯ ᠶᠢᠡᠷ 1998- 1999 ᠤᠨ ᠳᠤ《ᠠᠯᠳᠠᠨ ᠪᠢᠴᠢᠭ᠌》 ᠢ ᠲᠠᠬᠢᠨ ᠰᠢᠨ᠎ᠡ ᠪᠡᠷ ᠠᠷᠢᠭᠤᠳᠬᠠᠨ ᠲᠤᠩᠭ᠋ᠠᠪᠠ᠃ ᠲᠤᠰ ᠦᠭᠦᠯᠡᠯ ᠳᠤ ᠭᠤᠤᠯᠳᠠᠬᠤ《ᠠᠯᠳᠠᠨ ᠪᠢᠴᠢᠭ᠌》 ᠤᠨ ᠢᠷᠡᠯ ᠭᠠᠷᠤᠯ᠂ ᠠᠭᠤᠯᠭ᠎ᠠ ᠪᠦᠳᠦᠴᠡ ᠪᠠ ᠠᠷᠢᠭᠤᠳᠬᠠᠨ ᠲᠤᠩᠭ᠋ᠠᠬᠤ ᠳᠤ ᠬᠡᠷᠡᠭᠯᠡᠭᠰᠡᠨ ᠡᠬᠡ ᠮᠠᠲ᠋ᠸᠷᠢᠶᠠᠯ ᠵᠡᠷᠭᠡ ᠶᠢ ᠲᠤᠪᠴᠢ ᠲᠠᠨᠢᠯᠴᠠᠭᠤᠯᠤᠭᠰᠠᠨ ᠪᠠᠢ᠌ᠨ᠎ᠠ᠃
Original Literature No Original Paper
出自 内蒙古社会科学(蒙文版) 2001年 第3期

联系我们


内蒙古大学图书馆
呼和浩特市大学西路235号
中国·内蒙古
P: (0471) 4992561
E: huangfeilong@imu.edu.cn