Paper Information


Title ᠰᠠᠦᠰᠰᠦ᠋ᠷᠸ ᠶᠢᠨ 《ᠬᠡᠯᠡ》ᠪᠠ 《ᠬᠡᠯᠡᠭᠦᠢ》 ᠶᠢᠨ ᠣᠨᠤᠯ ᠤᠨ ᠲᠣᠬᠠᠢ
Creator ᠣᠳᠤᠨ
Keyword ᠰᠡᠦᠰᠰᠦ᠋ᠷᠸ; ᠬᠡᠯᠡ ᠬᠡᠯᠡᠬᠦᠢ; ᠦᠨᠳᠦᠰᠦᠨ ᠦᠵᠡᠯᠲᠡ
Abstract ᠰᠡᠦᠰᠰᠦ᠋ᠷᠸ ᠶᠢᠨ 《ᠶᠡᠷᠦᠩᠬᠡᠢ ᠬᠡᠯᠡ ᠰᠢᠨᠵᠢᠯᠡᠯ ᠤᠨ ᠵᠢᠭᠠᠬᠤ ᠪᠢᠴᠢᠭ᠌》ᠲᠡᠬᠢ 《ᠬᠡᠯᠡ 》ᠪᠠ《ᠬᠡᠯᠡᠬᠦᠢ》ᠣᠨᠤᠯ ᠪᠣᠯ ᠬᠡᠯᠡ ᠰᠢᠨᠵᠢᠯᠡᠯ ᠤᠨ ᠲᠡᠦᠬᠡᠨ ᠲᠡᠭᠡᠷᠡᠬᠢ ᠡᠭᠦᠳᠦᠯᠲᠡ ᠶᠢᠨ ᠴᠢᠨᠠᠷᠲᠠᠢ ᠲᠤᠷᠠᠳᠤᠯᠭ᠋ ᠠ ᠪᠣᠯᠬᠤ ᠶᠣᠮ᠃ ᠰᠡᠦᠰᠰᠦ᠋ᠷᠸ ᠶᠢᠨ ᠬᠢᠵᠠᠭᠠᠷᠳᠠᠮᠠᠯ ᠦᠵᠡᠯᠲᠡ ᠡᠴᠡ ᠪᠣᠯᠵᠦ᠂《ᠶᠡᠷᠦᠩᠬᠡᠢ ᠬᠡᠯᠡ ᠰᠢᠨᠵᠢᠯᠡᠯ ᠤᠨ ᠵᠢᠭᠠᠬᠤ ᠪᠢᠴᠢᠭ᠌》ᠲᠤ ᠴᠢᠬᠤᠯᠠ ᠪᠠᠢᠢᠷᠢ ᠡᠵᠡᠯᠡᠭᠰᠡᠨ《ᠬᠡᠯᠡ》ᠪᠡ《ᠬᠡᠯᠡᠬᠦᠢ》ᠶᠢᠨ ᠢᠯᠭᠠᠭ᠋ ᠠ ᠵᠢ ᠦᠷᠦᠭᠡᠰᠦᠯ ᠢᠢᠡᠷ ᠬᠦᠭᠡᠭᠡᠴᠡᠯᠳᠦᠭᠰᠡᠨ ᠡᠴᠡ《ᠬᠡᠯᠡ》ᠪᠠ 《ᠬᠡᠯᠡᠬᠦᠢ》ᠶᠢᠨ ᠣᠨᠤᠯ ᠤᠨ ᠵᠠᠭᠠᠭ ᠱᠤᠭᠤᠮ ᠨᠢ ᠪᠦᠲᠡᠬᠢ ᠪᠣᠯᠵᠤ᠂ ᠤᠬᠠᠭᠳᠠᠬᠤᠨ ᠨᠢ ᠪᠠᠯᠠᠷᠬᠠᠢ ᠪᠣᠯᠤᠭᠰᠠᠨ ᠪᠠᠢᠢᠨ᠌ ᠠ᠃ ᠲᠡᠷᠡ ᠪᠡᠷ ᠬᠡᠯᠡ ᠰᠢᠨᠵᠢᠯᠡᠯ ᠢ ᠵᠦᠪ ᠣᠨᠤᠪᠴᠢᠲᠠᠢ ᠮᠦᠷᠲᠡᠭᠡᠨ ᠨᠠᠷᠢᠨ ᠲᠣᠳᠤᠷᠬᠠᠢ ᠲᠠᠢᠢᠯᠪᠤᠷᠢᠯᠠᠵᠤ ᠴᠢᠳᠠᠭᠰᠠᠨ ᠦᠭᠡᠢ ᠪᠣᠯᠪᠠᠴᠤ ᠬᠡᠯᠡ ᠪᠠ ᠦᠭᠡ ᠶᠠᠷᠢᠶ ᠠ ᠵᠢ ᠢᠯᠭᠠᠵᠤ᠂ ᠬᠡᠯᠡ ᠪᠣᠯ ᠰᠠᠶᠢ ᠬᠡᠯᠡ ᠰᠢᠨᠵᠢᠯᠡᠯ ᠤᠨ ᠰᠣᠳᠤᠯᠤᠭᠳᠠᠬᠤᠨ ᠮᠦᠨ ᠪᠣᠯᠬᠤ ᠵᠢ ᠬᠠᠮᠤᠭ ᠲᠡᠷᠢᠭᠦᠨ ᠳᠤ ᠵᠢᠭᠠᠨ ᠭᠠᠷᠭᠠᠵᠠᠢ᠃ ᠰᠡᠦᠰᠰᠦ᠋ᠷᠸ ᠶᠢᠨ ᠲᠤᠷᠠᠳᠤᠭᠰᠠᠨ《ᠬᠡᠯᠡ》ᠪᠠ《ᠬᠡᠯᠡᠬᠦᠢ》ᠶᠢᠨ ᠣᠨᠤᠯ ᠨᠢ 《ᠶᠡᠷᠦᠩᠬᠡᠢ ᠬᠡᠯᠡ ᠰᠢᠨᠵᠢᠯᠡᠯ ᠤᠨ ᠵᠢᠭᠠᠬᠤ ᠪᠢᠴᠢᠭ᠌》ᠲᠣ ᠴᠢᠬᠤᠯ ᠪᠠᠢᠢᠷᠢ ᠰᠠᠭᠤᠷᠢ ᠵᠢ ᠡᠵᠢᠯᠡᠬᠦ ᠮᠦᠷᠲᠡᠭᠡᠨ ᠣᠷᠴᠢᠨ ᠴᠠᠭ ᠤᠨ ᠬᠡᠯᠡ ᠵᠦᠢ᠂ ᠲᠣᠬᠢᠶ ᠠ ᠲᠡᠮᠳᠡᠭ ᠤᠨ ᠣᠨᠤᠯ ᠤᠨ ᠬᠦᠭ᠍ᠵᠢᠯᠲᠡ ᠳᠤ ᠭᠦᠨᠵᠡᠭᠡᠢ ᠨᠦᠯᠦᠭᠡ ᠦᠵᠡᠭᠦᠯᠦᠭᠰᠡᠨ ᠪᠠᠢᠢᠳᠠᠭ᠃
Original Literature View Original Paper
出自 中国蒙古学 2011年 第4期

联系我们


内蒙古大学图书馆
呼和浩特市大学西路235号
中国·内蒙古
P: (0471) 4992561
E: huangfeilong@imu.edu.cn