Abstract |
ᠲᠠᠭᠤᠨ ᠤ ᠤᠬᠠᠭᠠᠨ ᠤ ᠭᠤᠷᠯᠤᠰ ᠠᠮᠠᠨ ᠶᠠᠷᠢᠶᠠᠨ ᠤ ᠤᠷᠳᠤ ᠡᠭᠡᠰᠢᠭ᠌ ᠢ ᠰᠢᠨᠵᠢᠬᠦ ᠳᠤ᠂ ᠭᠤᠷᠯᠤᠰ ᠠᠮᠠᠨ ᠶᠠᠷᠢᠶᠠᠨ ᠳᠤ ᠦᠭᠡ ᠶᠢᠨ ᠡᠬᠢᠨ ᠤ ᠦᠶ᠎ᠡ ᠶᠢᠨ ᠤᠷᠳᠤ ᠡᠭᠡᠰᠢᠭ᠌ ᠪᠠ ᠪᠤᠭᠤᠨᠢ ᠡᠭᠡᠰᠢᠭ᠌ ᠨᠢ ᠬᠡᠯᠡᠨ ᠤ ᠡᠷᠭᠦᠭ᠍ᠳᠡᠴᠡ ᠶᠢᠨ ᠲᠠᠯ᠎ᠠ ᠪᠡᠷ ᠵᠦᠷᠢᠶ᠎ᠡ ᠶᠡᠬᠡ ᠪᠢᠰᠢ᠂ ᠲᠠᠷᠤᠢ ᠠᠮᠠᠨ ᠤ ᠨᠡᠭᠡᠭᠡᠯᠳᠡ ᠶᠢᠨ ᠠᠭᠤᠤ ᠤᠢ᠌ᠳᠠᠨ ᠤ ᠵᠦᠷᠢᠶ᠎ᠡ ᠮᠠᠰᠢ ᠪᠠᠭ᠎ᠠ᠂ ᠭᠡᠳᠡᠯ᠎ᠡ ᠬᠡᠯᠡᠨ ᠤ ᠤᠷᠤᠭᠰᠢᠯᠠᠴᠠ ᠶᠢᠨ ᠲᠠᠯ᠎ᠠ ᠪᠡᠷ ᠢᠯᠡᠷᠬᠡᠢ ᠢᠯᠭᠠᠭ᠎ᠠ ᠲᠠᠢ ᠪᠠᠢ᠌ᠬᠤ ᠶᠢ ᠤᠯᠵᠤ ᠮᠡᠳᠡᠯ᠎ᠡ᠃ ᠵᠢᠷᠤᠭ ᠶᠢᠡᠷ ᠢᠯᠡᠷᠬᠡᠢ᠌ᠯᠡᠬᠦ ᠳᠤ ᠭᠤᠷᠯᠤᠰ ᠠᠮᠠᠨ ᠶᠠᠷᠢᠶᠠᠨ ᠤ ᠦᠭᠡ ᠶᠢᠨ ᠡᠬᠢᠨ ᠤ ᠦᠶ᠎ᠡ ᠶᠢᠨ ᠤᠷᠳᠤ ᠡᠭᠡᠰᠢᠭ᠌ ᠤᠨ ᠬᠡᠯᠡᠨ ᠤ ᠪᠠᠢ᠌ᠷᠢ ᠶᠢᠨ ᠭᠤᠷᠪᠠᠯᠵᠢᠨ ᠵᠢᠷᠤᠭ ᠨᠢ ᠦᠭᠡ ᠶᠢᠨ ᠡᠬᠢᠨ ᠤ ᠦᠶ᠎ᠡ ᠶᠢᠨ ᠬᠠᠷᠠᠭᠠᠯᠵᠠᠭᠰᠠᠨ ᠪᠤᠭᠤᠨᠢ ᠡᠭᠡᠰᠢᠭ᠌ ᠤᠨ ᠬᠡᠯᠡᠨ ᠤ ᠪᠠᠢ᠌ᠷᠢ ᠶᠢᠨ ᠭᠤᠷᠪᠠᠯᠵᠢᠨ ᠵᠢᠷᠤᠭ ᠡᠴᠡ ᠶᠡᠬᠡ᠃ ᠦᠭᠡ ᠶᠢᠨ ᠡᠬᠢᠨ ᠤ ᠪᠠ ᠡᠬᠢᠨ ᠤ ᠪᠤᠰᠤ ᠦᠶ᠎ᠡ ᠶᠢᠨ ᠤᠷᠳᠤ ᠡᠭᠡᠰᠢᠭ᠌ ᠨᠢ ᠮᠦᠨ ᠴᠤ ᠬᠡᠯᠡᠨ ᠤ ᠪᠠᠢ᠌ᠷᠢ ᠶᠢᠨ ᠲᠠᠯ᠎ᠠ ᠪᠡᠷ ᠵᠦᠷᠢᠶᠡᠨ ᠲᠠᠢ ᠪᠠᠢ᠌ᠵᠤ ᠶᠡᠷᠦᠩᠬᠡᠢ ᠳᠡᠭᠡᠨ ᠦᠭᠡ ᠶᠢᠨ ᠡᠬᠢᠨ ᠤ ᠪᠤᠰᠤ ᠦᠶ᠎ᠡ ᠶᠢᠨ ᠤᠷᠳᠤ ᠡᠭᠡᠰᠢᠭ᠌ ᠨᠢ ᠬᠡᠯᠡᠨ ᠤ ᠲᠦᠪ ᠤᠷᠤᠭᠤ ᠪᠠᠨ ᠰᠢᠯᠵᠢᠵᠦ ᠪᠠᠢ᠌ᠭ᠎ᠠ ᠪᠠᠢ᠌ᠳᠠᠯ ᠲᠠᠢ᠃ ᠵᠢᠷᠤᠭ ᠲᠦᠷᠰᠦ ᠡᠴᠡ ᠦᠵᠡᠪᠡᠯ ᠦᠭᠡ ᠶᠢᠨ ᠡᠬᠢᠨ ᠤ ᠪᠤᠰᠤ ᠦᠶ᠎ᠡ ᠶᠢᠨ ᠤᠷᠳᠤ ᠡᠭᠡᠰᠢᠭ᠌ ᠤᠨ ᠬᠡᠯᠡᠨ ᠤ ᠪᠠᠢ᠌ᠷᠢ ᠶᠢᠨ ᠭᠤᠷᠪᠠᠯᠵᠢᠨ ᠵᠢᠷᠤᠭ ᠨᠢ ᠦᠭᠡ ᠶᠢᠨ ᠡᠬᠢᠨ ᠤ ᠦᠶ᠎ᠡ ᠶᠢᠨ ᠬᠠᠷᠠᠭᠠᠯᠵᠠᠭᠰᠠᠨ ᠤᠷᠳᠤ ᠡᠭᠡᠰᠢᠭ᠌ ᠤᠨ ᠬᠡᠯᠡᠨ ᠤ ᠪᠠᠢ᠌ᠷᠢ ᠶᠢᠨ ᠭᠤᠷᠪᠠᠯᠵᠢᠨ ᠵᠢᠷᠤᠭ ᠡᠴᠡ ᠪᠠᠭ᠎ᠠ ᠪᠠᠢ᠌ᠬᠤ ᠨᠢ ᠲᠤᠳᠤᠷᠬᠠᠢ᠃ |