Paper Information


Title ᠮᠣᠩᠭ᠋ᠤᠯ ᠬᠡᠯᠡᠨ ᠤ ᠣᠨᠳᠣᠣᠰᠢᠯ ᠤᠨ ᠤᠴᠢᠷ ᠵᠢᠴᠢ ᠲᠡᠭᠦᠨ ᠤ ᠵᠦᠷᠢᠶ ᠡ ᠵᠢ ᠪᠠᠭᠠᠰᠬᠠᠬᠤ ᠠᠰᠠᠭᠤᠳᠠᠯ ᠳᠤ—ᠮᠣᠩᠭ᠋ᠤᠯ ᠤᠯᠤᠰ ᠬᠢᠭᠡᠳ ᠮᠠᠨ ᠤ ᠤᠯᠤᠰ ᠤᠨ ᠬᠡᠯᠡ ᠶᠠᠷᠢᠶᠠᠨ ᠤ ᠵᠢᠱᠢᠶᠡᠨ ᠲᠡᠭᠡᠷ ᠡ
Creator ᠰᠦᠮᠪᠦᠷᠪᠠᠲᠤ
Keyword ᠮᠣᠩᠭ᠋ᠤᠯ ᠬᠡᠯᠡ;ᠢᠵᠢᠯᠢ ᠦᠨᠳᠦᠳᠦᠲᠡᠨ; ᠬᠡᠯᠡ ᠶᠠᠷᠢᠶᠠᠨ ᠤ ᠵᠦᠷᠢᠶ ᠡ; ᠬᠡᠯᠡᠨ ᠤ ᠵᠠᠳᠠᠷᠠᠯ; ᠲᠦᠷᠢᠮᠵᠢᠯ
Abstract ᠲᠤᠮᠳᠠᠳᠤ ᠤᠯᠤᠰ ᠤᠨ ᠮᠣᠩᠭ᠋ᠤᠯ ᠬᠡᠯᠡ ᠪᠣᠯᠤᠨ ᠮᠣᠩᠭ᠋ᠤᠯ ᠤᠯᠤᠰ ᠤᠨ ᠮᠣᠩᠭ᠋ᠤᠯ ᠬᠡᠯᠡ ᠪᠣᠯ ᠢᠵᠢᠯᠢ ᠨᠢᠭᠡ ᠦᠨᠳᠦᠰᠦᠲᠡᠨ ᠤ ᠠᠳᠠᠯᠢ ᠪᠣᠰᠤ ᠨᠤᠲᠤᠭ ᠲᠡᠭᠢ ᠬᠡᠯᠡ ᠪᠣᠯᠬᠤ ᠶᠣᠮ᠃ᠭᠡᠲᠡᠯ ᠡ ᠰᠡᠭᠦᠯ ᠤᠨ ᠲᠠᠪᠢ ᠭᠠᠷᠤᠢ ᠵᠢᠯ ᠤᠨᠬᠤᠭᠤᠴᠠᠭᠠᠨ ᠳᠤ ᠨᠡᠢᠢᠭᠡᠮ ᠤᠨ ᠬᠣᠪᠢᠰᠤᠯᠲᠠ᠂ ᠬᠢᠯᠢ ᠠᠯᠭᠠᠰᠠᠭᠰᠠᠨ ᠪᠠᠢᠢᠷᠢᠰᠢᠯ᠂ ᠦᠰᠦᠭ ᠪᠢᠴᠢᠭ᠌ ᠤᠨ ᠦᠭᠡᠷᠡᠴᠢᠯᠡᠯᠲᠡ ᠵᠡᠷᠭᠡ ᠰᠢᠯᠳᠠᠭᠠᠨ ᠡᠴᠡ ᠪᠣᠯᠵᠤ᠂ᠬᠣᠶᠠᠷ ᠤᠯᠤᠰ ᠤᠨ ᠮᠣᠩᠭ᠋ᠤᠯ ᠬᠡᠯᠡᠨ ᠳᠤ ᠦᠰᠦᠭ ᠪᠢᠴᠢᠭ᠌᠂ ᠦᠭᠡᠰ ᠤᠨ ᠰᠠᠩ᠂ ᠨᠡᠷ ᠡ ᠲᠣᠮᠢᠶ ᠠ ᠵᠡᠷᠭᠡ ᠲᠠᠯ ᠠ ᠪᠡᠷ ᠠᠶᠠᠨᠳᠠᠭᠠᠨ ᠭᠠᠷᠤᠭᠰᠠᠨ ᠣᠨᠳᠣᠣᠰᠢᠯ ᠪᠣᠢ ᠪᠣᠯᠤᠭᠰᠠᠨ ᠲᠡᠲᠦᠢ ᠦᠭᠡᠢ᠂ ᠬᠡᠯᠡ ᠶᠠᠷᠢᠶᠠᠨ ᠤ ᠢᠯᠡᠳᠭᠡᠬᠦ ᠠᠷᠭ᠋ ᠠ ᠪᠠᠷᠢᠯ ᠤᠨ ᠲᠠᠯ ᠠ ᠪᠡᠷ ᠮᠡᠳᠡᠭᠳᠡᠬᠦᠢᠢᠴᠡ ᠵᠦᠷᠢ ᠡ ᠲᠠᠢ ᠪᠣᠯᠵᠤ ᠵᠠᠳᠠᠷᠠᠯ ᠤᠨ ᠰᠢᠨᠵᠢ ᠢᠯᠡᠷᠬᠡᠢ ᠭᠠᠷᠴᠤ ᠪᠠᠢᠢᠨ᠌ ᠠ᠃ ᠡᠳᠡᠭᠡᠷ ᠣᠨᠳᠣᠣᠰᠢᠯ ᠵᠢᠴᠢ ᠲᠡᠭᠦᠨ ᠤ ᠵᠦᠷᠢᠶ ᠠ ᠵᠢ ᠪᠠᠭᠠᠰᠬᠠᠬᠤ ᠠᠰᠠᠭᠤᠳᠠᠯ ᠪᠣᠯ ᠬᠣᠶᠠᠷ ᠤᠯᠤᠰ ᠤᠨ ᠬᠡᠯᠡ ᠪᠢᠴᠢᠭ᠌ ᠤᠨ ᠠᠵᠢᠯᠲᠠᠳ ᠤᠨ ᠠᠩᠬᠠᠷᠤᠯ ᠢ ᠲᠠᠲᠠᠵᠤ ᠪᠠᠢᠢᠭ᠋ ᠠ ᠠᠰᠠᠭᠤᠳᠠᠯ ᠮᠦᠷᠲᠡᠭᠡᠨ ᠮᠣᠨᠩᠭ᠋ᠤᠯ ᠬᠡᠯᠡ ᠪᠢᠴᠢᠭ᠌ ᠤᠨ ᠬᠣᠢᠢᠰᠢᠲᠠ ᠶᠢᠨ ᠬᠡᠷᠡᠭᠯᠡᠭᠡ ᠪᠠ ᠬᠦᠭ᠍ᠵᠢᠯ ᠳᠤ ᠬᠣᠯᠪᠤᠭᠳᠠᠬᠤ ᠶᠡᠬᠡ ᠠᠰᠠᠭᠤᠳᠠᠯ ᠪᠣᠯᠬᠤ ᠤᠴᠢ ᠡᠴᠡ ᠬᠢᠲᠠᠳ ᠦᠨᠳᠦᠰᠦᠲᠡᠨ ᠰᠢᠭ᠌ ᠲᠦᠷᠦᠯᠬᠢ ᠬᠡᠯᠡ ᠪᠠᠨ ᠬᠠᠮᠠᠭᠠᠯᠠᠬᠤ ᠶᠠᠪᠤᠳᠠᠯ ᠢ 《ᠡᠬᠡ ᠣᠷᠤᠨ  ᠢᠢᠡᠨ ᠬᠠᠮᠠᠭᠠᠯᠠᠬᠤ》ᠲᠦᠪᠰᠢᠨ᠌ ᠠ ᠤᠬᠠᠮᠰᠠᠷᠯᠠᠬᠤ ᠬᠡᠯᠡᠨ ᠤ ᠣᠨᠳᠣᠣᠰᠢᠯ ᠳᠤ ᠬᠠᠨᠳᠤᠬᠤ ᠣᠶᠤᠨᠲᠤ ᠠᠵᠢᠯᠯᠠᠭ᠋ ᠠ ᠶᠢᠨ ᠵᠢᠱᠢᠶ ᠡ ᠪᠡᠷ ᠣᠳᠣ ᠡᠴᠡ ᠡᠬᠢᠯᠡᠨ ᠡᠬᠡ ᠬᠡᠯᠡ ᠪᠠᠨ ᠬᠠᠮᠠᠭᠠᠯᠠᠬᠤ ᠠᠵᠢᠯ ᠢ ᠠᠯᠭᠤᠷᠯᠠᠵᠤ ᠪᠣᠯᠤᠰᠢ ᠦᠭᠡᠢ ᠦᠷ ᠡ  ᠳᠦᠩ ᠲᠠᠢ ᠠᠵᠢᠯᠯᠠᠬᠤ ᠦᠭᠡᠢ ᠪᠣᠯ ᠠᠯᠢ ᠨᠢᠭᠡᠨ ᠡᠳᠦᠷ ᠮᠠᠨ ᠤ ᠮᠣᠩᠭ᠋ᠤᠯ ᠬᠡᠯᠡ ᠬᠠᠷᠢ ᠬᠡᠯᠡ ᠰᠤᠷᠬᠤ ᠡᠴᠡ ᠬᠡᠴᠡᠭᠦᠦ ᠶᠠᠳᠠᠷᠭᠠᠨ ᠲᠠᠢ ᠪᠣᠯᠵᠤ ᠮᠡᠳᠡᠨ᠌ ᠡ᠃
Original Literature View Original Paper
出自 中国蒙古学 2011年 第4期

联系我们


内蒙古大学图书馆
呼和浩特市大学西路235号
中国·内蒙古
P: (0471) 4992561
E: huangfeilong@imu.edu.cn