| Title | 
            ᠡᠮ ᠵᠠᠰᠠᠯ ᠢ ᠬᠠᠪᠰᠤᠷᠭᠠᠨ ᠰᠠ ᠡᠪᠡᠳᠴᠢᠨ ᠡᠴᠡ ᠪᠤᠯᠤᠭᠰᠠᠨ ᠵᠠᠯᠭᠢᠬᠤ ᠳᠤ ᠬᠦᠴᠢᠷᠳᠡᠬᠦ ᠶᠢ ᠵᠠᠰᠠᠭᠰᠠᠨ ᠡᠮᠴᠢᠯᠡᠭᠡᠨ ᠦ ᠠᠴᠢ ᠲᠤᠰᠠ ᠶᠢᠨ ᠠᠵᠢᠭᠯᠠᠯᠲᠠ | 
          
          
            | Creator | 
            ᠬᠠᠰᠠᠷᠳᠡᠨᠢ; ᠡᠦ ᠱᠠᠨ; ᠲᠡᠭᠰᠢᠵᠢᠷᠭᠠᠯ | 
          
          
            | Keyword | 
            ᠬᠠᠳᠬᠤᠬᠤ ᠵᠠᠰᠠᠯ; ᠵᠠᠯᠭᠢᠬᠤ ᠳᠤ ᠬᠦᠴᠢᠷᠳᠡᠬᠦ; ᠰᠠ ᠡᠪᠡᠳᠴᠢᠨ; ᠵᠠᠰᠠᠬᠤ ᠠᠷᠭᠠ | 
          
          
            | Abstract | 
            ᠵᠤᠷᠢᠯᠭᠠ᠄ ᠬᠠᠳᠬᠤᠬᠤ ᠵᠠᠰᠠᠯ ᠢ ᠬᠠᠪᠰᠤᠷᠭᠠᠨ ᠰᠠ ᠡᠪᠡᠳᠴᠢᠨ ᠡᠴᠡ ᠪᠤᠯᠤᠭᠰᠠᠨ ᠵᠠᠯᠭᠢᠬᠤ ᠳᠤ ᠬᠦᠴᠢᠷᠳᠡᠬᠦ ᠶᠢ ᠵᠠᠰᠠᠭᠰᠠᠨ ᠡᠮᠴᠢᠯᠡᠭᠡᠨ ᠦ ᠠᠴᠢ ᠲᠤᠰᠠ ᠶᠢᠨ ᠲᠤᠬᠠᠢ ᠶᠠᠷᠢᠯᠴᠠᠨᠠ᠃ ᠠᠷᠭᠠ᠄ 60 ᠵᠢᠱᠢᠶᠡ ᠰᠠ ᠡᠪᠡᠳᠴᠢᠨ ᠡᠴᠡ ᠪᠤᠯᠤᠭᠰᠠᠨ ᠵᠠᠯᠭᠢᠬᠤ ᠳᠤ ᠬᠦᠴᠢᠷᠳᠡᠬᠦ ᠡᠪᠡᠳᠴᠢᠨ ᠢ ᠲᠠᠰᠢᠷᠠᠮ ᠢᠶᠠᠷ ᠨᠢ ᠤᠯᠠᠮᠵᠢᠯᠠᠯᠲᠤ ᠬᠠᠳᠬᠤᠬᠤ ᠵᠠᠰᠠᠯ ᠬᠢᠬᠦ ᠡᠮᠴᠢᠯᠡᠭᠡᠨ ᠦ ᠳᠤᠭᠤᠢ᠌ᠯᠠᠩ ᠪᠤᠯᠤᠨ ᠬᠠᠷᠢᠴᠠᠭᠤᠯᠬᠤ ᠳᠤᠭᠤᠢ᠌ᠯᠠᠩ ᠬᠤᠪᠢᠶᠠᠵᠤ᠂ ᠡᠮ ᠢᠶᠡᠷ ᠵᠠᠰᠠᠬᠤ ᠶᠢᠨ ᠳᠠᠭᠠᠤ ᠡᠮᠴᠢᠯᠡᠭᠡᠨ ᠦ ᠳᠤᠭᠤᠢ᠌ᠯᠠᠩ ᠨᠢ ᠬᠠᠳᠬᠤᠬᠤ ᠵᠠᠰᠠᠯ ᠢ ᠡᠳᠦᠷ ᠦᠨ ᠨᠢᠭᠡ ᠤᠳᠠᠭᠠ ᠬᠢᠪᠡ᠃ ᠨᠡᠢ᠌ᠲᠡ 20 ᠡᠳᠦᠷ᠃ ᠦᠷᠡ ᠳ᠋ᠦᠩ᠄ ᠡᠮᠴᠢᠯᠡᠭᠡᠨ ᠦ ᠳᠤᠭᠤᠢ᠌ᠯᠠᠩ ᠪᠤᠯᠤᠨ ᠬᠠᠷᠢᠴᠠᠭᠤᠯᠬᠤ ᠳᠤᠭᠤᠢ᠌ᠯᠠᠩ ᠨᠢ ᠪᠦᠷ ᠰᠠ ᠡᠪᠡᠳᠴᠢᠨ ᠡᠴᠡ ᠪᠤᠯᠤᠭᠰᠠᠨ ᠵᠠᠯᠭᠢᠬᠤ ᠳᠤ ᠬᠦᠴᠢᠷᠳᠡᠬᠦ ᠰᠢᠨᠵᠢ ᠲᠡᠮᠳᠡᠭ ᠨᠢ ᠰᠠᠢ᠌ᠵᠢᠷᠠᠯᠲᠠ ᠲᠠᠢ᠂ ᠭᠡᠪᠡᠴᠦ ᠡᠮᠴᠢᠯᠡᠭᠡᠨ ᠦ ᠳᠤᠭᠤᠢ᠌ᠯᠠᠩ ᠤᠨ ᠡᠮᠴᠢᠯᠡᠭᠡᠨ ᠦ ᠠᠴᠢ ᠲᠤᠰᠠ ᠨᠢ ᠬᠠᠷᠢᠴᠠᠭᠤᠯᠬᠤ ᠳᠤᠭᠤᠢ᠌ᠯᠠᠩ ᠠᠴᠠ ᠮᠡᠳᠡᠭᠳᠡᠮᠡ ᠰᠠᠢ᠌ᠨ (P<0.05)᠃ ᠳ᠋ᠦᠩᠨᠡᠯᠲᠡ᠄ ᠰᠠ ᠡᠪᠡᠳᠴᠢᠨ ᠡᠴᠡ ᠪᠤᠯᠤᠭᠰᠠᠨ ᠵᠠᠯᠭᠢᠬᠤ ᠳᠤ ᠬᠦᠴᠢᠷᠳᠡᠬᠦ ᠳᠦ ᠡᠮ ᠢᠶᠡᠷ ᠵᠠᠰᠠᠬᠤ ᠶᠢᠨ ᠬᠠᠮᠲᠤ ᠬᠠᠳᠬᠤᠬᠤ ᠵᠠᠰᠠᠯ ᠬᠠᠪᠰᠤᠷᠭᠠᠪᠠᠯ ᠡᠪᠡᠳᠴᠢᠲᠡᠨ ᠦ ᠵᠠᠯᠭᠢᠬᠤ ᠠᠵᠢᠯᠯᠠᠭᠠ ᠶᠢ ᠰᠠᠢ᠌ᠵᠢᠷᠠᠭᠤᠯᠬᠤ ᠳᠤ ᠮᠠᠰᠢ ᠠᠴᠢ ᠲᠤᠰᠠ ᠲᠠᠢ. | 
          
          
            | Original Literature | 
            
              
              View Original Paper
              
             | 
          
          
            | 出自 | 
            
              内蒙古民族大学学报(蒙医药学)
              2011年
              第2期
             |