Paper Information


Title ᠮᠣᠩᠭᠤᠯ ᠠᠩᠭ᠍ᠯᠢ ᠬᠡᠯᠡᠨ ᠦ ᠦᠢᠯᠡ ᠦᠭᠡ ᠶᠢᠨ ᠴᠠᠭ ᠤᠨ ᠠᠢ ᠶᠢ ᠬᠠᠷᠢᠴᠠᠭᠤᠯᠬᠤ ᠨᠢ
Creator ᠬᠠᠢ ᠰᠢᠶᠤᠤ; ᠡᠷᠳᠡᠨᠢᠴᠤᠭᠯᠠ
Keyword ᠮᠣᠩᠭᠤᠯ ᠬᠡᠯᠡ; ᠠᠩᠭ᠍ᠯᠢ ᠬᠡᠯᠡ; ᠦᠢᠯᠡ ᠦᠭᠡ; ᠴᠠᠭ ᠤᠨ ᠠᠢ
Abstract ᠮᠣᠩᠭᠤᠯ ᠠᠩᠭ᠍ᠯᠢ ᠬᠤᠶᠠᠷ ᠬᠡᠯᠡᠨ ᠦ ᠦᠢᠯᠡ ᠦᠭᠡᠨ ᠳᠦ ᠪᠦᠷ ᠴᠠᠭ ᠤᠨ ᠠᠢ ᠶᠢᠨ ᠲᠤᠰᠬᠠᠢ ᠬᠤᠪᠢᠯᠤᠯ ᠲᠠᠢ᠂ ᠪᠦᠷ ᠠᠳᠠᠯᠢᠬᠠᠨ ᠦᠩᠭᠡᠷᠡᠭᠰᠡᠨ᠂ ᠣᠳᠣ᠂ ᠢᠷᠡᠭᠡᠳᠦᠢ ᠴᠠᠭ ᠤᠨ ᠤᠳᠬ᠎ᠠ ᠶᠢᠨ ᠢᠯᠭᠠᠭ᠎ᠠ ᠲᠠᠢ᠂ ᠵᠦᠷᠢᠶ᠎ᠡ ᠨᠢ ᠪᠤᠳᠠᠲᠠᠢ ᠴᠠᠭ ᠢ ᠨᠠᠷᠢᠨ ᠬᠤᠪᠢᠶᠠᠷᠢᠯᠠᠨ ᠢᠯᠡᠷᠬᠡᠢᠯᠡᠬᠦ ᠳᠦ ᠪᠠᠢᠨ᠎ᠠ᠃ ᠠᠩᠭ᠍ᠯᠢ ᠬᠡᠯᠡᠨ ᠦ ᠦᠢᠯᠡ ᠶᠢᠨ ᠴᠠᠭ ᠤᠨ ᠬᠤᠪᠢᠶᠠᠷᠢᠯᠠᠯ ᠢᠯᠡᠷᠡᠯ ᠨᠢ ᠪᠤᠳᠤᠯᠢᠶᠠᠨ ᠲᠠᠢ ᠣᠯᠠᠨ ᠶᠠᠩᠵᠤ ᠲᠠᠢ᠃ ᠮᠣᠩᠭᠤᠯ ᠬᠡᠯᠡᠨ ᠦ ᠦᠷᠭᠡᠳᠭᠡᠭᠰᠡᠨ ᠣᠳᠣ ᠴᠠᠭ ᠢ ᠦᠩᠭᠡᠷᠡᠭᠰᠡᠨ ᠡᠴᠡ ᠣᠳᠣ ᠪᠤᠯᠲᠠᠯ᠎ᠠ ᠴᠠᠭᠠᠰᠢᠲᠠ ᠢᠷᠡᠭᠡᠳᠦᠢ ᠳᠦ ᠲᠤᠯᠲᠠᠯ᠎ᠠ ᠦᠷᠭᠦᠯᠵᠢᠯᠡᠬᠦ ᠦᠢᠯᠡ ᠶᠢᠨ ᠴᠠᠭ ᠭᠡᠵᠦ ᠲᠠᠢᠯᠪᠤᠷᠢᠯᠠᠳᠠᠭ ᠨᠢ ᠠᠩᠭ᠍ᠯᠢ ᠬᠡᠯᠡᠨ ᠦ ᠡᠩ ᠦᠨ ᠣᠳᠣ ᠴᠠᠭ᠂ ᠦᠷᠭᠦᠯᠵᠢᠯᠡᠭᠰᠡᠨ ᠣᠳᠣ ᠴᠠᠭ᠂ ᠣᠳᠣ ᠲᠡᠭᠦᠰᠦᠨ ᠦᠷᠭᠦᠯᠵᠢᠯᠡᠬᠦ ᠴᠠᠭ ᠭᠡᠵᠦ ᠬᠤᠪᠢᠶᠠᠷᠢᠯᠠᠬᠤ ᠲᠠᠢ ᠨᠠᠷᠢᠨ ᠢᠶᠠᠷ ᠢᠶᠠᠨ ᠠᠪᠴᠠᠯᠳᠤᠨ᠎ᠠ᠃ ᠭᠡᠪᠡᠴᠦ ᠲᠤᠰ ᠬᠤᠶᠠᠷ ᠬᠡᠯᠡᠨ ᠳᠦ ᠢᠯᠭᠠᠨ ᠵᠠᠳᠠᠯᠵᠤ ᠪᠠᠢᠭ᠎ᠠ ᠠᠭᠤᠯᠭ᠎ᠠ ᠬᠡᠯᠪᠡᠷᠢ ᠨᠢ ᠠᠳᠠᠯᠢ ᠦᠭᠡᠢ ᠪᠠᠢᠳᠠᠭ ᠠᠴᠠ ᠠᠩᠭ᠍ᠯᠢ ᠬᠡᠯᠡ ᠰᠤᠷᠬᠤ ᠮᠣᠩᠭᠤᠯᠴᠤᠳ ᠪᠤᠶᠤ ᠮᠣᠩᠭᠤᠯ ᠬᠡᠯᠡᠲᠡᠨ ᠳᠦ ᠶᠠᠷᠰᠢᠭ ᠪᠤᠳᠤᠯᠢᠶᠠᠨ ᠤᠴᠠᠷᠠᠭᠤᠯᠳᠠᠭ ᠪᠠᠢᠨ᠎ᠠ᠃
Original Literature View Original Paper
出自 中国蒙古学 2015年 第5期

联系我们


内蒙古大学图书馆
呼和浩特市大学西路235号
中国·内蒙古
P: (0471) 4992561
E: huangfeilong@imu.edu.cn