Paper Information


Title 《ᠦᠪᠦᠷ ᠲᠦᠴᠢᠨ ᠶᠢᠰᠦ᠂ ᠠᠷᠦ ᠲᠠᠪᠢᠨ ᠲᠤᠯᠤᠭᠠᠨ ᠬᠤᠰᠢᠭᠤ》ᠬᠡᠮᠡᠬᠦ ᠨᠡᠷᠡᠢ᠌ᠳᠦᠯ ᠤᠨ ᠲᠤᠬᠠᠢ
Creator ᠪᠤᠶᠠᠨᠳᠡᠭᠦᠰ
Keyword ᠲᠦᠴᠢᠨ ᠶᠢᠰᠦ ᠬᠤᠰᠢᠭᠤ;ᠲᠠᠪᠢᠨ ᠲᠤᠯᠤᠭᠠᠨ ᠬᠤᠰᠢᠭᠤ; ᠡᠭᠦᠰᠦᠯ ᠤᠯᠠᠷᠢᠯ
Abstract ᠳᠤᠰ ᠦᠭᠦᠯᠡᠯ ᠳᠤ ᠮᠣᠩᠭ᠋ᠣᠯᠴᠤᠳ ᠤᠨ ᠲᠤᠮᠲᠠ ᠦᠷᠭᠡᠨ ᠶᠢᠨᠷ ᠶᠠᠷᠢᠭᠳᠠᠵᠤ᠂ ᠨᠦᠯᠦᠭᠡ ᠲᠤᠰᠬᠠᠯ ᠭᠦᠨ ᠪᠤᠯᠤᠭᠰᠠᠨ 《ᠦᠪᠦᠷ ᠲᠦᠴᠢᠨ ᠶᠢᠰᠦ᠂ ᠠᠷᠦ ᠲᠠᠪᠢᠨ ᠲᠤᠯᠤᠭᠠᠨ ᠬᠤᠰᠢᠭᠤ》ᠬᠡᠮᠡᠬᠦ ᠨᠡᠷᠡᠢ᠌ᠳᠦᠯ ᠤᠨ ᠡᠭᠦᠰᠴᠦ ᠤᠯᠠᠷᠢᠭᠰᠠᠨ ᠶᠠᠪᠤᠴᠠ ᠶᠢ ᠳᠤᠳᠤᠯᠠᠨ ᠦᠭᠦᠯᠡᠵᠦ᠂ ᠲᠠᠢ᠌ᠴᠢᠩ ᠬᠦᠷᠦᠨ ᠦ ᠳᠤᠳᠤᠭᠠᠳᠤ ᠵᠠᠰᠠᠭ ᠤᠨ ᠮᠣᠩᠭᠣᠯ ᠬᠤᠰᠢᠭᠤᠨ ᠦ ᠲᠤᠭ᠎ᠠ ᠡᠩᠭᠡ ᠠᠮᠤᠭᠤᠯᠠᠩ ᠤᠨ ᠵᠢᠷᠭᠤᠳᠤᠭᠠᠷ ᠤᠨ(1667)ᠳ᠋ᠤ ᠲᠦᠴᠢᠨ ᠶᠢᠰᠦ ᠪᠤᠯᠤᠭᠰᠠᠨ᠂ ᠳᠡᠭᠦᠨ ᠦ ᠳᠠᠷᠠᠭ᠎ᠠ ᠵᠢᠯ ᠡᠴᠡ ᠡᠬᠢᠯᠡᠨ 《ᠲᠠᠢ᠌ᠴᠢᠩ ᠭᠦᠷᠦᠨ ᠦ ᠮᠠᠭᠠᠳ ᠬᠠᠤᠯᠢ》ᠳ᠋ᠤ 《ᠭᠠᠳᠠᠭᠠᠳᠤ ᠮᠣᠩᠭᠣᠯ ᠤᠨ ᠲᠦᠡᠢᠨ ᠶᠢᠰᠦᠨ ᠬᠤᠰᠢᠭᠤ》ᠬᠡᠮᠡᠬᠦ ᠨᠡᠷᠡᠢ᠌ᠳᠦᠯ ᠠᠩᠬ᠎ᠠ ᠢᠯᠡᠷᠡᠪᠡ᠃ 《ᠬᠠᠭᠠᠨ ᠦ ᠪᠢᠴᠢᠭᠰᠡᠨ ᠮᠠᠨᠵᠦ ᠦᠭᠡᠨ ᠦ ᠲᠤᠯᠢ ᠪᠢᠴᠢᠭ᠌》ᠢ᠋ ᠨᠠᠢ᠌ᠷᠠᠭᠤᠯᠬᠤ ᠦᠶᠡᠰ《ᠲᠦᠢᠨ ᠶᠢᠰᠦᠨ ᠬᠤᠰᠢᠭᠤ 》ᠬᠡᠮᠡᠬᠦ ᠵᠤᠷᠪᠤᠰ ᠢ ᠪᠢᠴᠢᠨ ᠤᠷᠤᠭᠤᠯᠤᠭᠰᠠᠨ ᠪᠠ ᠮᠦᠨ ᠳᠡᠭᠦᠨ ᠳᠡᠭᠡᠨ ᠬᠤᠤᠰᠯᠠᠭᠤᠯᠤᠨ ᠭᠠᠳᠠᠭᠠᠳᠤ ᠵᠠᠰᠠᠭ ᠤᠨ ᠬᠤᠰᠢᠭᠤᠳ ᠢ ᠪᠦᠷᠢᠳᠭᠡᠨ ᠲᠤᠭᠠᠯᠠᠵᠤ᠂ 《ᠲᠠᠪᠢᠨ ᠲᠤᠯᠤᠭᠠᠨ ᠬᠤᠰᠢᠭᠤ》ᠬᠡᠮᠡᠨ ᠪᠢᠴᠢᠭᠯᠡᠭᠰᠡᠨ᠂ ᠡᠨᠡ ᠬᠤᠶᠠᠷ ᠨᠠᠷᠡᠢ᠌ᠳᠦᠯ 《ᠬᠠᠭᠠᠨ ᠦ ᠪᠢᠴᠢᠭᠰᠡᠨ ᠮᠠᠨᠵᠦ ᠦᠭᠡᠨ ᠦ ᠲᠤᠯᠢ ᠪᠢᠴᠢᠭ᠌》ᠢ᠋ ᠮᠣᠩᠭ᠋ᠣᠯᠴᠢᠯᠠᠬᠤ ᠶᠠᠪᠤᠴᠠ ᠳᠤ ᠮᠣᠩᠭ᠋ᠣᠯᠴᠤᠳ ᠤᠨ ᠳᠤᠮᠳᠠ ᠳᠡᠷᠬᠠᠨ ᠳᠡᠯᠭᠡᠷᠡᠵᠦ᠂ ᠤᠳᠬ᠎ᠠ ᠠᠭᠤᠯᠤᠭᠳᠠᠬᠤᠨ ᠦ ᠬᠤᠪᠢ ᠳᠤ ᠡᠳᠦᠢ ᠳᠡᠳᠦᠢ ᠬᠤᠪᠢᠷᠠᠯᠲᠠ ᠭᠠᠷᠤᠭᠰᠠᠨ ᠬᠡᠵᠦ ᠦᠵᠡᠵᠡᠢ᠃
Original Literature View Original Paper
出自 内蒙古大学学报 2008年 第2期

联系我们


内蒙古大学图书馆
呼和浩特市大学西路235号
中国·内蒙古
P: (0471) 4992561
E: huangfeilong@imu.edu.cn