Title |
ᠬᠦᠷᠢᠶ᠎ᠡ ᠠᠷᠠᠳ ᠤᠨ ᠲᠠᠭᠤᠤ《ᠴᠤᠢ᠌ᠵᠢᠠᠤᠳᠼᠠᠷ》 ᠤᠨ ᠨᠤᠳᠤᠭᠴᠢ ᠬᠠᠢ᠌ᠷ᠎ᠠ ᠰᠡᠳᠭᠢᠯᠭᠡ ᠶᠢ ᠰᠦᠪᠡᠭ᠍ᠴᠢᠯᠡᠬᠦ ᠨᠢ |
Creator |
ᠴᠢᠩ ᠯᠢᠶᠠᠨ |
Keyword |
《ᠴᠤᠢ᠌ᠵᠢᠠᠤᠳᠼᠠᠷ》; ᠨᠤᠳᠤᠭᠴᠢ ᠬᠠᠢ᠌ᠷ᠎ᠠ ᠰᠡᠳᠭᠢᠯᠭᠡ; ᠬᠦᠷᠢᠶ᠎ᠡ ᠨᠤᠳᠤᠭ |
Abstract |
《ᠴᠤᠢ᠌ᠵᠢᠠᠤᠳᠼᠠᠷ》 ᠤᠨ ᠲᠠᠭᠤᠤ ᠳᠤ ᠭᠠᠷᠳᠠᠭ ᠠᠭᠤᠯᠠ ᠲᠤᠯᠤᠭᠠᠳ᠂ ᠤᠰᠤ ᠮᠦᠷᠡᠨ᠂ ᠰᠦᠮ᠎ᠡ ᠬᠡᠢ᠌ᠳ ᠪᠤᠯ ᠨᠤᠳᠤᠭᠴᠢ ᠬᠠᠢ᠌ᠷ᠎ᠠ ᠰᠡᠳᠭᠢᠯᠭᠡ ᠪᠡᠷ ᠤᠮᠳᠠᠯᠠᠭᠳᠠᠭᠰᠠᠨ ᠤᠷᠠᠨ ᠰᠠᠨᠠᠭ᠎ᠠ ᠶᠢᠨ ᠦᠵᠡᠮᠵᠢ᠃ ᠬᠦᠷᠢᠶᠡᠴᠦᠳ ᠪᠠᠢ᠌ᠭᠠᠯᠢ᠂ ᠲᠡᠦᠬᠡ ᠰᠤᠶᠤᠯ ᠤᠨ ᠦᠨᠡᠨ ᠢ ᠤᠷᠠᠯᠢᠭ ᠤᠨ ᠦᠨᠡᠨ ᠪᠤᠯᠭᠠᠭᠰᠠᠨ ᠰᠤᠳᠤᠨ ᠪᠦᠳᠦᠭᠡᠯ ᠶᠤᠮ᠃ ᠬᠦᠷᠢᠶᠡᠴᠦᠳ ᠮᠠᠨᠢ ᠠᠭᠤᠯᠠ ᠬᠠᠳᠠ ᠨᠢ ᠬᠦᠬᠡᠷᠡᠨ ᠰᠦᠨᠳᠡᠷᠯᠡᠭᠰᠡᠨ᠂ ᠤᠰᠤ ᠮᠦᠷᠡᠨ ᠨᠢ ᠮᠢᠷᠡᠯᠵᠠᠨ ᠤᠷᠤᠰᠤᠭᠰᠠᠨ᠂ ᠰᠢᠳᠢ ᠤᠷᠤᠰᠢᠭᠰᠠᠨ ᠰᠦᠮ᠎ᠡ ᠬᠡᠢ᠌ᠳ ᠵᠡᠷᠭᠡ ᠪᠠᠢ᠌ᠭᠠᠯᠢ ᠬᠢᠭᠡᠳ ᠰᠤᠶᠤᠯ ᠤᠨ ᠦᠩᠭᠡ ᠦᠵᠡᠮᠵᠢ ᠳᠤ ᠰᠡᠳᠭᠢᠯᠭᠡ ᠪᠠᠨ ᠠᠭᠤᠰᠬᠠᠵᠤ᠂ ᠤᠷᠤᠨ ᠨᠤᠳᠤᠭ ᠤᠨ ᠰᠤᠶᠤᠯ ᠰᠢᠨᠵᠢᠯᠭᠡᠨ ᠤ ᠬᠠᠮᠢᠭ᠎ᠠ ᠡᠴᠡ ᠴᠤ ᠭᠡᠰᠡᠨ ᠤᠯᠵᠤ ᠬᠠᠷᠠᠬᠤ ᠰᠤᠨᠢᠨ ᠭᠠᠢ᠌ᠬᠠᠮᠰᠢᠭᠳᠤ ᠬᠦᠷᠢᠶ᠎ᠡ ᠰᠤᠶᠤᠯ ᠢ ᠪᠦᠳᠦᠭᠡᠭ᠍ᠰᠡᠨ ᠨᠢ ᠭᠠᠢ᠌ᠬᠠᠮᠰᠢᠭᠳᠠᠢ ᠪᠢᠯᠡ᠃ ᠲᠡᠭᠡᠳᠦ ᠳᠤ ᠪᠠᠨ ᠦᠯᠢᠭᠡᠷᠳᠦ ᠲᠠᠭᠤᠤ《ᠴᠤᠢ᠌ᠵᠢᠠᠤᠳᠼᠠᠷ》 ᠲᠤ ᠢᠯᠡᠷᠡᠭᠰᠡᠨ ᠠᠭᠤᠯᠠ ᠬᠠᠢ᠌ᠷᠬᠠᠨ᠂ ᠭᠤᠤᠯ ᠮᠦᠷᠡᠨ᠂ ᠰᠦᠮ᠎ᠡ ᠲᠤᠭᠠᠩ ᠤᠨ ᠤᠷᠠᠯᠢᠭ ᠤᠨ ᠦᠨᠡᠨ ᠢ ᠰᠢᠨᠵᠢᠯᠡᠬᠦ ᠨᠢ ᠬᠦᠷᠢᠶ᠎ᠡ ᠦᠯᠢᠭᠡᠷᠳᠦ ᠶᠢᠨ ᠤᠷᠠᠨ ᠰᠠᠨᠠᠭ᠎ᠠ᠂ ᠬᠦᠷᠢᠶ᠎ᠡ ᠶᠢᠨ ᠤᠷᠤᠨ ᠨᠤᠳᠤᠭ ᠤᠨ ᠰᠤᠶᠤᠯ ᠰᠤᠳᠤᠯᠤᠯ ᠤᠨ ᠦᠷᠭᠡᠵᠢᠯ ᠭᠦᠨᠵᠡᠭᠡᠢ᠌ᠷᠡᠯ ᠳᠤ ᠵᠤᠬᠢᠬᠤ ᠬᠡᠮᠵᠢᠶᠡᠨ ᠤ ᠨᠡᠮᠡᠷᠢ ᠪᠤᠯᠬᠤ ᠨᠢ ᠯᠠᠪᠳᠠᠢ᠃ |
Original Literature |
View Original Paper
|
出自 |
蒙古学研究
2014年
第3期
|