Paper Information


Title ᠬᠤᠷᠴᠢᠨ ᠤ ᠪᠦᠭᠡ ᠶᠢᠨ ᠰᠢᠳᠤᠯᠭᠡ ᠶᠢᠨ ᠬᠤᠪᠢᠷᠠᠯ ᠬᠦᠭᠵᠢᠯ ᠤᠨ ᠲᠤᠬᠠᠢ ᠦᠬᠦᠯᠡᠬᠦ ᠨᠢ
Creator ᠪᠠᠶᠠᠭᠤᠳ ᠨᠠᠷᠠᠨᠪᠢᠯᠢᠭ᠌
Keyword ᠬᠤᠷᠴᠢᠨ; ᠪᠦᠭᠡ ᠶᠢᠨ ᠰᠢᠳᠤᠯᠭᠡ; ᠬᠦᠭᠵᠢᠯ ᠬᠤᠪᠢᠷᠠᠯ; ᠰᠤᠶᠤᠯ ᠢᠷᠭᠡᠨᠰᠢᠯ
Abstract ᠬᠤᠷᠴᠢᠨ ᠤ ᠪᠦᠭᠡ ᠶᠢᠨ ᠰᠢᠳᠤᠯᠭᠡ ᠪᠤᠯ ᠮᠤᠩᠭᠤᠯ ᠪᠦᠭᠡ ᠶᠢᠨ ᠰᠢᠳᠤᠯᠭᠡ ᠶᠢᠨ ᠴᠢᠬᠤᠯᠡ ᠨᠢᠭᠡᠨ ᠪᠦᠷᠢᠯᠳᠤᠬᠦᠨ ᠬᠡᠰᠡᠭ ᠪᠤᠯᠬᠤ ᠶᠤᠮ᠃ 16 ᠳ᠋ᠤᠭᠠᠷ ᠵᠠᠭᠤᠨ ᠡᠴᠨ ᠬᠤᠢᠰᠢ ᠮᠤᠩᠭᠤᠯ ᠪᠦᠭᠡ ᠶᠢᠨ ᠰᠢᠳᠤᠯᠭᠡ ᠨᠢ ᠭᠤᠤᠯᠳᠠᠭᠤ ᠬᠤᠷᠴᠢᠨ ᠳᠤ ᠬᠠᠮᠤᠭ ᠢᠯᠡᠬᠦᠤ ᠦᠯᠡᠳᠡᠨ ᠤᠯᠠᠮᠵᠢᠯᠠᠭᠳᠠᠭᠠᠳ᠂ ᠮᠤᠩᠭᠤᠯ ᠪᠦᠭᠡ ᠶᠢᠨ ᠰᠢᠳᠤᠯᠭᠡ ᠶᠢᠨ ᠲᠡᠤᠭᠡ ᠨᠢ ᠬᠤᠷᠴᠢᠨ ᠤ ᠪᠦᠭᠡ ᠶᠢᠨ ᠰᠢᠳᠤᠯᠭᠡ ᠪᠠᠷ ᠭᠤᠤᠯᠯᠠᠬᠤ ᠪᠤᠯᠤᠭᠰᠠᠨ ᠪᠠᠢᠨ᠎ᠠ᠃ ᠬᠤᠷᠴᠢᠨ ᠤ ᠪᠦᠭᠡ ᠶᠢᠨ ᠰᠢᠳᠤᠯᠭᠡ ᠨᠢ 16 ᠳ᠋ᠤᠭᠠᠷ ᠵᠠᠭᠤᠨ ᠡᠴᠨ ᠬᠤᠢᠰᠢ ᠨᠡᠩ ᠶᠡᠭᠡ ᠬᠤᠪᠢᠰᠤᠯ ᠦᠭᠡᠷᠡᠳᠤᠯ ᠭᠠᠷᠴᠦ᠂20 ᠳ᠋ᠤᠭᠠᠷ ᠵᠠᠭᠤᠨ ᠡᠴᠨ ᠨᠠᠶᠠᠭᠠᠳ ᠤᠨ ᠪᠤᠯᠳᠠᠯ᠎ᠠ ᠲᠤᠷᠤᠢᠳᠠᠭᠠᠳ ᠤᠰᠠᠳᠬᠤ ᠬᠡᠮᠵᠢᠶᠠᠨ ᠳᠤ ᠬᠦᠷᠦᠭᠰᠡᠨ ᠪᠠᠢᠳᠠᠭ᠃ ᠭᠡᠪᠡᠴᠤ ᠦᠭᠡᠷᠡᠴᠢᠯᠡᠯᠳᠡ ᠪᠠ ᠠᠵᠦ ᠠᠬᠤᠢ ᠶᠢᠨ ᠪᠦᠳᠤᠭᠡᠨ ᠪᠠᠢᠭᠤᠯᠤᠯᠳᠠ ᠶᠢᠨ ᠨᠦᠯᠦᠭᠡᠨ ᠲᠤᠤᠷ᠎ᠠ ᠰᠡᠷᠬᠦᠨ ᠬᠦᠭᠵᠢᠭᠡᠳ᠂ ᠰᠤᠶᠤᠯ ᠢᠷᠭᠡᠨᠰᠢᠯ ᠤᠨ ᠬᠤᠪᠢ ᠡᠴᠨ ᠨᠠᠢᠭᠡᠮ ᠲᠡᠭᠡᠷ᠎ᠠ ᠵᠤᠬᠢᠬᠤ ᠦᠢᠯᠡᠳᠤᠯ ᠶᠢᠡᠨ ᠪᠠᠳᠠᠷᠠᠭᠤᠯᠬᠤ ᠪᠤᠯᠪᠠ᠃ ᠢᠩᠬᠢᠭᠡᠳ ᠬᠤᠷᠴᠢᠨ ᠤ ᠪᠦᠭᠡ ᠶᠢᠨ ᠰᠢᠳᠤᠯᠭᠡ ᠨᠢ ᠰᠢᠨ᠎ᠠ ᠬᠤᠪᠢᠷᠠᠯ ᠬᠦᠭᠵᠢᠯ ᠤᠨ ᠬᠠᠨᠳᠤᠰᠢ ᠲᠠᠢ ᠪᠤᠯᠤᠭᠰᠠᠨ ᠪᠠᠢᠨ᠎ᠠ᠃
Original Literature View Original Paper
出自 中国蒙古学 2014年 第6期

联系我们


内蒙古大学图书馆
呼和浩特市大学西路235号
中国·内蒙古
P: (0471) 4992561
E: huangfeilong@imu.edu.cn