Paper Information


Title 《ᠮᠣᠩᠭᠤᠯ ᠤᠨ ᠨᠢᠭᠤᠴᠠ ᠲᠤᠪᠴᠢᠶᠠᠨ》 ᠳᠠᠬᠢ ᠬᠢᠲᠠᠳ ᠭᠠᠯᠢᠭ 《腾汲思客秃勒周》 ᠪᠤᠯᠨ 《腾吉思》 ᠭᠡᠬᠦ ᠦᠭᠡ ᠶᠢᠨ ᠲᠤᠬᠠᠢ
Creator ᠰᠢᠶᠠᠩ ᠯᠢᠶᠠᠨ
Keyword 《ᠮᠣᠩᠭᠤᠯ ᠤᠨ ᠨᠢᠭᠤᠴᠠ ᠲᠤᠪᠴᠢᠶᠠᠨ》; 腾汲思客秃勒周;腾吉思
Abstract 《ᠮᠣᠩᠭᠤᠯ ᠤᠨ ᠨᠢᠭᠤᠴᠠ ᠲᠤᠪᠴᠢᠶᠠᠨ》 ᠳᠠᠬᠢ ᠪᠦᠷᠳᠡ ᠴᠢᠨᠤ᠎ᠠ 《ᠲᠠᠩᠬᠢᠰ ᠬᠡᠲᠦᠯᠵᠦ ᠢᠷᠡᠪᠡᠢ》 ᠭᠡᠳᠡᠭ ᠦᠨ 《ᠲᠠᠩᠬᠢᠰ》 ᠭᠡᠬᠦ ᠦᠭᠡ ᠶᠢ ᠰᠢᠨᠵᠢᠯᠡᠬᠦ ᠪᠡᠷ ᠳᠠᠮᠵᠢᠨ᠂ ᠲᠤᠰ ᠦᠭᠡ ᠨᠢ ᠳᠠᠯᠠᠢ ᠲᠠᠩᠬᠢᠰ ᠤᠨ 《ᠲᠠᠩᠬᠢᠰ》 ᠠᠴᠠ ᠭᠠᠳᠠᠨ᠎ᠠ ᠪᠠᠰᠠ 《ᠠᠭᠤᠯᠠᠨ ᠳᠡᠪᠰᠡᠭ ᠭᠠᠵᠠᠷ᠂ ᠲᠠᠩ ᠭᠠᠵᠠᠷ᠂ ᠡᠷᠡᠭᠦᠯ ᠲᠠᠩ》 ᠭᠡᠬᠦ ᠤᠳᠬ᠎ᠠ ᠲᠠᠢ ᠪᠤᠯᠬᠤ ᠶᠢ ᠲᠤᠳᠤᠷᠠᠭᠤᠯᠬᠤ ᠶᠢᠨ ᠬᠠᠮᠲᠤ ᠴᠢᠩᠭᠢᠰ ᠬᠠᠭᠠᠨ ᠤ ᠢᠵᠠᠭᠤᠷ ᠳᠡᠭᠡᠳᠦᠰ ᠪᠦᠷᠳᠡ ᠴᠢᠨᠤ᠎ᠠ ᠠᠯᠢᠨᠢᠭᠡᠨ ᠲᠠᠩᠬᠢᠰ ᠳᠠᠯᠠᠢ ᠶᠢ ᠭᠡᠲᠦᠯᠵᠦ ᠪᠤᠷᠬᠠᠨ ᠬᠠᠯᠲᠤᠨ ᠳᠤ ᠨᠤᠲᠤᠭᠰᠢᠭᠰᠠᠨ ᠭᠡᠬᠦ ᠡᠷᠳᠡᠮᠲᠡᠳ ᠦᠨ ᠦᠵᠡᠯᠲᠡ ᠳᠦ ᠰᠢᠨ᠎ᠡ ᠵᠦᠪᠯᠡᠯᠭᠡ ᠲᠠᠯᠪᠢᠵᠤ᠂ 《ᠡᠷᠭᠦᠨ᠎ᠡ ᠬᠤᠨ》 ᠤ ᠳᠤᠮᠤᠭ ᠲᠠᠢ ᠤᠶᠠᠯᠳᠤᠭᠤᠯᠤᠨ ᠰᠤᠳᠤᠯᠪᠠ᠃ 《ᠲᠠᠩᠬᠢᠰ ᠭᠡᠲᠦᠯᠵᠦ》 ᠭᠡᠳᠡᠭ ᠦᠨ ᠡᠷᠲᠡᠨ ᠦ ᠬᠡᠯᠡᠨ ᠳᠡᠬᠢ ᠤᠳᠬ᠎ᠠ ᠠᠴᠠ ᠮᠦᠷᠳᠡᠨ 《ᠲᠠᠩᠬᠢᠰ》 ᠭᠡᠳᠡᠭ ᠦᠨ ᠢᠵᠠᠭᠤᠷ ᠨᠢ 《ᠲᠠᠩ》 ᠪᠠᠢᠵᠤ᠂ ᠡᠷᠲᠡᠨ ᠦ ᠬᠡᠯᠡᠨ ᠳᠦ 《ᠠᠭᠤᠯᠠᠨ ᠬᠠᠪᠴᠢᠯ》᠂ ᠡᠷᠭᠦᠨ᠎ᠡ ᠬᠤᠨ ᠨᠢ 《ᠬᠤᠨ — ᠠᠭᠤᠯᠠᠨ ᠬᠠᠪᠴᠢ》 ᠢ ᠬᠡᠯᠡᠵᠦ᠂ ᠲᠡᠷᠡ ᠨᠢ ᠡᠷᠭᠦᠨ᠎ᠡ ᠬᠤᠨ ᠢ ᠭᠡᠲᠦᠯᠵᠦ ᠢᠷᠡᠭᠰᠡᠨ ᠭᠡᠳᠡᠭ ᠤᠳᠬ᠎ᠠ ᠲᠠᠢ ᠪᠤᠯᠬᠤ ᠶᠢ ᠭᠡᠷᠡᠴᠢᠯᠡᠬᠦ ᠪᠡᠷ ᠴᠢᠷᠮᠠᠢᠵᠠᠢ᠃
Original Literature View Original Paper
出自 中国蒙古学 2015年 第5期

联系我们


内蒙古大学图书馆
呼和浩特市大学西路235号
中国·内蒙古
P: (0471) 4992561
E: huangfeilong@imu.edu.cn