Title |
ᠳᠤᠮᠳᠠᠳᠤ ᠢᠷᠭᠡᠨ ᠤᠯᠤᠰ ᠤᠨ ᠦᠶ᠎ᠡ ᠡᠴᠡ ᠶᠠᠫᠤᠨ ᠢ ᠡᠰᠡᠷᠭᠦᠴᠡᠬᠦ ᠳᠠᠢᠨ ᠡᠭᠦᠰᠬᠦ ᠬᠦᠷᠲᠡᠯᠡᠬᠢ ᠬᠤᠭᠤᠴᠠᠭᠠᠨ ᠤ ᠮᠣᠩᠭᠤᠯ ᠬᠤᠭᠤᠴᠠᠭᠠᠲᠤ ᠰᠡᠳᠭᠦᠯ ᠦᠨ ᠲᠡᠦᠬᠡᠨ ᠲᠤᠢᠮᠤ |
Creator |
ᠮᠦᠩᠬᠡᠪᠤᠶᠠᠨ; ᠨᠠᠷᠠᠨᠴᠡᠴᠡᠭ᠌ |
Keyword |
ᠮᠣᠩᠭᠤᠯ ᠬᠤᠭᠤᠴᠠᠭᠠᠲᠤ ᠰᠡᠳᠭᠦᠯ ᠦᠨ ᠬᠦᠪᠦᠷᠡᠯ ᠪᠡ ᠬᠦᠭᠵᠢᠯ; ᠣᠨᠴᠠᠯᠢᠭ; ᠦᠢᠯᠡᠳᠦᠯ |
Abstract |
ᠢᠷᠭᠡᠨ ᠤᠯᠤᠰ ᠤᠨ ᠡᠬᠢᠨ ᠦ ᠦᠶ᠎ᠡ ᠡᠴᠡ ᠶᠠᠫᠤᠨ ᠢ ᠡᠰᠡᠷᠭᠦᠴᠡᠬᠦ ᠳᠠᠢᠨ ᠡᠭᠦᠰᠬᠦ ᠬᠦᠷᠲᠡᠯᠡᠬᠢ ᠬᠤᠭᠤᠴᠠᠭᠠᠨ ᠳᠤ᠂ ᠨᠡᠢᠭᠡᠮ ᠦᠨ ᠬᠤᠪᠢᠰᠤᠯᠲᠠ᠂ ᠦᠷᠦᠨᠡᠳᠠᠬᠢᠨ ᠤ ᠰᠤᠶᠤᠯ ᠪᠤᠯᠤᠨ ᠤᠯᠤᠰ ᠤᠨ ᠳᠤᠲᠤᠭᠠᠳᠤ ᠶᠢᠨ ᠰᠢᠨ᠎ᠡ ᠰᠤᠶᠤᠯ ᠤᠨ ᠦᠵᠡᠭᠳᠡᠯ ᠦᠨ ᠰᠡᠳᠡᠯᠲᠡ ᠪᠤᠯᠤᠨ ᠨᠦᠯᠦᠭᠡ ᠳᠤᠤᠷ᠎ᠠ᠂ ᠮᠣᠩᠭᠤᠯ ᠬᠤᠭᠤᠴᠠᠭᠠᠲᠤ ᠰᠡᠳᠭᠦᠯ ᠡᠷᠬᠢᠯᠡᠬᠦ ᠲ᠋ᠠᠯ᠎ᠠ ᠪᠠᠷ ᠬᠦᠪᠦᠷᠡᠭᠰᠡᠨ ᠪᠡ ᠬᠦᠭᠵᠢᠭᠰᠡᠨ ᠵᠡᠷᠭᠡ ᠠᠳᠠᠯᠢ ᠪᠤᠰᠤ ᠬᠤᠪᠢᠷᠠᠯᠲᠠ ᠶᠢᠨ ᠴᠠᠭ ᠬᠤᠭᠤᠴᠠᠭ᠎ᠠ ᠶᠢ ᠦᠩᠭᠡᠷᠡᠭᠡᠵᠡᠢ᠃ ᠲᠤᠬᠠᠢ ᠶᠢᠨ ᠦᠶ᠎ᠡ ᠶᠢᠨ ᠮᠣᠩᠭᠤᠯ ᠬᠤᠭᠤᠴᠠᠭᠠᠲᠤ ᠰᠡᠳᠭᠦᠯ (ᠬᠠᠪᠰᠤᠷᠠᠭᠠᠭᠰᠠᠨ ᠰᠡᠳᠭᠦᠯ ᠢ ᠪᠠᠭᠲᠠᠨ᠎ᠠ) ᠤᠨ ᠠᠭᠤᠯᠭ᠎ᠠ ᠣᠨᠴᠠᠯᠢᠭ ᠤᠨ ᠬᠤᠪᠢ ᠳᠤ ᠦᠨᠳᠦᠰᠦᠳᠡᠨᠴᠢ ᠴᠢᠨᠠᠷ᠂ ᠣᠷᠤᠨ ᠨᠤᠲᠤᠭᠴᠢ ᠴᠢᠨᠠᠷ ᠪᠤᠯᠤᠨ ᠴᠠᠭ ᠦᠶᠡᠴᠢ ᠴᠢᠨᠠᠷ ᠲᠠᠢ᠃ ᠮᠣᠩᠭᠤᠯ ᠬᠤᠭᠤᠴᠠᠭᠠᠲᠤ ᠰᠡᠳᠭᠦᠯ ᠦᠨ ᠦᠢᠯᠡᠳᠦᠯ ᠦᠨ ᠬᠤᠪᠢ ᠳᠤ᠂ ᠮᠣᠩᠭᠤᠯ ᠦᠨᠳᠦᠰᠦᠲᠡᠨ ᠦ ᠠᠷᠠᠳ ᠲᠦᠮᠡᠨ ᠦ ᠲᠤᠰ ᠦᠨᠳᠦᠰᠦᠲᠡᠨ ᠦ ᠪᠡᠨ ᠤᠯᠠᠮᠵᠢᠯᠠᠯᠲᠤ ᠰᠤᠶᠤᠯ ᠪᠤᠯᠤᠨ ᠣᠢᠷ᠎ᠠ ᠦᠶ᠎ᠡ ᠶᠢᠨ ᠡᠯ ᠡ ᠲᠦᠷᠦᠯ ᠦᠨ ᠮᠡᠳᠡᠯᠭᠡ ᠶᠢᠨ ᠲᠤᠬᠠᠢ ᠲᠠᠨᠢᠯᠲᠠ ᠪᠠᠨ ᠳᠡᠭᠡᠭᠰᠢᠯᠡᠭᠦᠯᠬᠦ ᠬᠡᠷᠡᠭᠴᠡᠭᠡ ᠶᠢ ᠬᠠᠩᠭᠠᠵᠤ᠂ ᠬᠠᠷᠠᠴᠠ ᠪᠠᠨ ᠦᠷᠭᠡᠳᠭᠡᠵᠦ᠂ ᠲᠤᠬᠠᠢ ᠶᠢᠨ ᠦᠶ᠎ᠡ ᠪᠤᠯᠤᠨ ᠢᠷᠡᠭᠡᠳᠦᠢ ᠶᠢᠨ ᠮᠣᠩᠭᠤᠯ ᠬᠤᠭᠤᠴᠠᠭᠠᠲᠤ ᠰᠡᠳᠭᠦᠯ ᠦᠨ ᠦᠢᠯᠡᠰ ᠦᠨ ᠬᠦᠭᠵᠢᠯᠲᠡ ᠳᠦ ᠰᠠᠭᠤᠷᠢ ᠲᠠᠯᠪᠢᠵᠠᠢ᠃ |
Original Literature |
No Original Paper
|
出自 |
蒙古学研究
2015年
第4期
|