Abstract |
《ᠬᠡᠰᠡᠷ ᠤᠨ ᠲᠤᠭᠤᠵᠢ》᠋ ᠶᠢᠨ ᠲᠠᠷᠬᠠᠨ ᠳᠡᠯᠭᠡᠷᠵᠤ ᠤᠯᠠᠮᠵᠢᠯᠠᠭᠳᠠᠨ ᠶᠠᠷᠢᠭᠳᠠᠵᠤ ᠪᠠᠢ᠌ᠭᠰᠠᠨ ᠪᠤᠰᠤᠳ ᠤᠷᠤᠨ ᠨᠤᠳᠤᠭ ᠲᠠᠢ ᠬᠠᠷᠢᠴᠠᠭᠤᠯᠪᠠᠯ᠂ ᠪᠠᠭᠠᠷᠢᠨ ᠨᠤᠳᠤᠭ ᠨᠢ ᠮᠠᠰᠢ ᠶᠡᠬᠡ ᠦᠪᠡᠷᠮᠢᠴᠡ ᠲᠠᠯ ᠠ ᠲᠠᠢ ᠶᠤᠮ᠃ 《ᠬᠡᠰᠡᠷ》᠋ ᠤᠨ ᠲᠤᠤᠯᠢ ᠮᠠᠰᠢ ᠪᠠᠶᠠᠯᠢᠭ ᠪᠠᠢ᠌ᠳᠠᠭ ᠶᠢᠨᠷ ᠵᠤᠭᠰᠤᠬᠤ ᠦᠬᠡᠢ ᠬᠡᠰᠡᠷ ᠤᠨ ᠲᠤᠮᠤᠭ᠂ ᠬᠡᠰᠡᠷ ᠤᠨ ᠦᠯᠢᠭᠡᠷ᠂ ᠬᠡᠰᠡᠷ ᠤᠨ ᠰᠠᠩ᠂ ᠬᠡᠰᠡᠷ ᠤᠨ ᠰᠤᠷᠭᠠᠯ᠂ ᠭᠡᠰᠡᠷ ᠤᠨ ᠳᠠᠭᠤᠤ ᠵᠡᠷᠭᠡ ᠤᠯᠠᠨ ᠬᠡᠯᠪᠡᠷᠢ ᠵᠠᠭᠪᠤᠷ ᠤᠨ ᠮᠠᠲ᠋ᠸᠷᠢᠶᠠᠯ ᠴᠤ ᠡᠯᠪᠡᠭ᠌ ᠶᠤᠮ᠃ ᠤᠨᠴᠠᠭᠠᠢ᠌ᠯᠠᠨ ᠶᠠᠷᠢᠬᠤ ᠳᠤ ᠡᠨᠡ ᠨᠤᠳᠤᠭ ᠲᠤ ᠬᠡᠰᠡᠷ ᠤᠨ ᠰᠢᠳᠦᠯᠭᠡ ᠲᠠᠢ ᠪᠤᠯᠬᠤᠷ ᠬᠡᠰᠡᠷ ᠤᠨ ᠤᠪᠤᠭ᠋ ᠠ᠂ ᠬᠡᠰᠡᠷ ᠤᠨ ᠰᠦᠮ ᠡ ᠪᠤᠢ᠃ ᠤᠷᠳᠤ ᠬᠤᠭᠤᠴᠠᠭᠠᠨ ᠦ ᠪᠠᠢ᠌ᠴᠠᠭᠠᠯᠲᠠ ᠰᠢᠨᠵᠢᠯᠡᠭᠡ ᠪᠠ ᠰᠤᠳᠤᠯᠭᠠᠨ ᠶᠢᠨᠷ ᠦᠵᠡᠪᠡᠯ᠂ ᠪᠠᠭᠠᠷᠢᠨ ᠨᠤᠳᠤᠭ ᠲᠤ 《ᠬᠡᠰᠡᠷ ᠤᠨ ᠲᠤᠭᠤᠵᠢ》᠋ ᠶᠢᠨ ᠮᠠᠲ᠋ᠸᠷᠢᠶᠠᠯ ᠡᠯᠪᠡᠭ᠌ ᠪᠠᠶᠠᠯᠢᠭ ᠪᠠᠢ᠌ᠳᠠᠭ ᠶᠢᠨᠷ ᠪᠠᠷᠠᠬᠤ ᠦᠬᠡᠢ ᠨᠡᠩ ᠴᠢᠬᠤᠯᠠ ᠨᠢ ᠪᠠᠭᠠᠷᠢᠨ ᠮᠣᠩᠭ᠋ᠣᠯᠴᠣᠳ ᠤᠨᠨ ᠲᠤᠮᠲᠠ 《ᠬᠡᠰᠡᠷ》ᠰᠤᠶᠤᠯ ᠤᠨ ᠬᠡᠯᠪᠡᠷᠢ ᠪᠦᠷᠢᠯᠳᠦᠨ ᠲᠤᠭᠳᠠᠭᠰᠠᠨ ᠪᠢᠯᠡ᠃ |