Abstract |
ᠪᠢᠩᠳᠦ ᠸᠠᠩ ᠭᠤᠨᠴᠤᠭᠰᠦ᠋ᠷᠦᠩ ᠪᠤᠯ ᠬᠤᠷᠴᠢᠨ ᠵᠡᠭᠦᠨ ᠭᠠᠷᠤᠨ ᠡᠮᠦᠨᠡᠳᠦ ᠬᠤᠰᠢᠭᠤᠨ ᠤ ᠠᠷᠪᠠᠨ ᠬᠤᠶᠠᠳᠤᠭᠠᠷ ᠦᠶ᠎ᠡ ᠶᠢᠨ ᠵᠠᠰᠠᠭ ᠵᠢᠶᠦ᠋ᠨ ᠸᠠᠩ ᠪᠤᠯᠤᠨ᠎ᠠ᠃ ᠲᠡᠷᠡ ᠪᠡᠷ ᠴᠠᠭᠠᠭᠴᠢᠨ ᠭᠠᠬᠠᠢ ᠵᠢᠯ ᠦᠨ ᠬᠤᠪᠢᠰᠬᠠᠯ ᠡᠭᠦᠴᠦ ᠴᠢᠩ ᠤᠯᠤᠰ ᠤᠨ ᠲᠦᠷᠦ ᠮᠦᠬᠦᠭ᠍ᠰᠡᠨ ᠤ ᠳᠠᠷᠠᠭ᠎ᠠ ᠬᠠᠯᠬ᠎ᠠ ᠮᠣᠩ᠋ᠭᠤᠯ ᠵᠦᠭ ᠮᠤᠷᠳᠠᠵᠤ 1913 ᠣᠨ ᠳᠤ ᠯᠠᠮᠠ ᠴᠡᠷᠢᠭᠴᠢᠮᠡᠳ ᠦᠨ ᠬᠠᠮᠲᠤ ᠶᠠᠫᠤᠨ ᠲᠠᠢ ᠬᠠᠷᠢᠴᠠᠬᠤ ᠪᠠᠷ ᠬᠠᠷᠪᠢᠨ ᠵᠦᠭ ᠦᠷᠲᠡᠭᠡᠯᠡᠨ ᠮᠤᠷᠳᠠᠵᠤ᠂ ᠣᠷᠤᠰ ᠤᠯᠤᠰ ᠤᠨ ᠬᠠᠷᠰᠢ ᠰᠠᠭᠠᠳ ᠲᠤ ᠤᠴᠠᠷᠠᠵᠤ ᠶᠠᠫᠤᠨ ᠲᠠᠢ ᠬᠠᠷᠢᠴᠠᠬᠤ ᠶᠠᠪᠤᠳᠠᠯ ᠪᠦᠲᠦᠮᠵᠢ ᠦᠭᠡᠢ ᠪᠤᠯᠤᠭᠰᠠᠨ ᠠᠴᠠ ᠡᠷᠭᠢᠵᠤ ᠪᠤᠴᠠᠵᠤ ᠢᠷᠡᠭᠡᠳ ᠤᠳᠠᠯ ᠦᠭᠡᠢ ᠶᠡᠬᠡ ᠬᠦᠷᠢᠶ᠎ᠡ ᠳᠦ ᠰᠡᠵᠢᠭᠲᠡᠢ ᠪᠡᠷ ᠨᠠᠰᠤ ᠪᠠᠷᠠᠭᠰᠠᠨ ᠪᠠᠢ᠌ᠨ᠎ᠠ᠃ ᠲᠤᠰ ᠦᠭᠦᠯᠡᠯ ᠳᠦ ᠲᠡᠦᠬᠡ ᠶᠢᠨ ᠪᠠᠷᠢᠮᠲᠠ ᠪᠢᠴᠢᠭ᠌ ᠲᠦ ᠲᠤᠯᠭᠠᠭᠤᠷᠢᠯᠠᠨ ᠪᠢᠩᠳᠤ ᠸᠠᠩ ᠭᠤᠨᠴᠤᠭᠰᠦ᠋ᠷᠦᠩ ᠦᠨ ᠨᠠᠰᠤ ᠪᠠᠷᠠᠭᠰᠠᠨ ᠪᠤᠳᠠᠲᠠᠢ ᠴᠠᠭ ᠬᠤᠭᠤᠴᠠᠭ᠎ᠠ ᠶᠢ ᠲᠤᠳᠤᠷᠬᠠᠢ᠌ᠯᠠᠪᠠ᠃ |