Abstract |
ᠤᠯᠠᠮᠵᠢᠯᠠᠯᠲᠤ ᠣᠲᠤᠷᠯᠠᠨ ᠮᠠᠯᠵᠢᠬᠤ ᠪᠤᠯᠤᠨ ᠡᠭᠡᠯᠵᠢᠯᠡᠨ ᠮᠠᠯᠵᠢᠬᠤ ᠦᠢᠯᠡᠳᠪᠦᠷᠢᠯᠡᠯ ᠦᠨ ᠠᠷᠭ᠎ᠠ ᠮᠠᠶᠢᠭ ᠬᠡᠳᠦᠢ᠌ᠪᠡᠷ ᠭᠠᠷᠤᠯᠲᠠ ᠳᠤᠤᠷ᠎ᠠ᠂ ᠦᠪᠡᠷ ᠦᠨ ᠦᠷᠲᠡᠭ ᠦᠨᠳᠦᠷ ᠮᠦᠷᠲᠡᠭᠡᠨ ᠪᠠᠢ᠌ᠭᠠᠯᠢ ᠠᠬᠤᠢ ᠳᠤ ᠲᠦᠰᠢᠭᠯᠡᠬᠦ ᠴᠢᠨᠠᠷᠲᠠᠢ ᠪᠤᠯᠪᠠᠴᠤ ᠲᠡᠭᠦᠨ ᠦ ᠪᠠᠢ᠌ᠭᠠᠯᠢ ᠶᠢᠨ ᠠᠮᠢ ᠠᠬᠤᠢ ᠶᠢᠨ ᠤᠷᠴᠢᠨ ᠲᠤᠭᠤᠷᠢᠨ ᠢ ᠬᠠᠮᠠᠭᠠᠯᠠᠬᠤ᠂ ᠠᠮᠢᠳᠤ ᠪᠤᠳᠠᠰ ᠤᠨ ᠤᠯᠠᠨ ᠲᠠᠯᠠᠲᠤ ᠴᠢᠨᠠᠷ ᠪᠤᠯᠤᠨ ᠦᠢᠯᠡᠳᠭᠦᠨ ᠦ ᠴᠡᠪᠡᠷ ᠴᠢᠨᠠᠷ ᠵᠢᠴᠢ ᠤᠷᠤᠨ ᠨᠤᠲᠤᠭ ᠤᠨ ᠣᠨᠴᠠᠯᠢᠭ ᠢ ᠪᠠᠲᠤᠯᠠᠬᠤ ᠲᠠᠯ᠎ᠠ ᠪᠠᠷ ᠣᠳᠤ ᠦᠶ᠎ᠡ ᠶᠢᠨ ᠠᠵᠤ ᠦᠢᠯᠡᠳᠪᠦᠷᠢ ᠶᠢᠨ ᠦᠢᠯᠡᠳᠪᠦᠷᠢᠯᠡᠯ ᠦᠨ ᠠᠷᠭ᠎ᠠ ᠮᠠᠶᠢᠭ ᠲᠠᠢ ᠠᠳᠠᠯᠢᠳᠬᠠᠬᠤ ᠶᠢᠨ ᠠᠷᠭ᠎ᠠ ᠦᠭᠡᠢ ᠳᠠᠪᠠᠭᠤᠯᠢᠭ ᠲᠠᠯ᠎ᠠ ᠪᠠᠢ᠌ᠳᠠᠭ᠃ ᠮᠠᠯᠵᠢᠬᠤ ᠦᠢᠯᠡᠳᠪᠦᠷᠢᠯᠡᠯ ᠦᠨ ᠤᠯᠠᠮᠵᠢᠯᠠᠯᠲᠤ ᠠᠷᠭ᠎ᠠ ᠮᠠᠶᠢᠭ ᠤᠨ ᠠᠮᠢ ᠠᠬᠤᠢ ᠶᠢᠨ ᠳᠠᠪᠠᠭᠤᠯᠢᠭ ᠢ ᠠᠭᠤᠳᠠᠯᠤᠨ᠂ ᠪᠤᠬᠢᠷᠲᠤᠯ ᠦᠭᠡᠢ ᠮᠠᠯ ᠠᠵᠤ ᠠᠬᠤᠢ ᠶᠢᠨ ᠵᠠᠮ ᠢᠶᠠᠷ ᠵᠠᠮᠨᠠᠵᠤ᠂ ᠣᠷᠤᠨ ᠪᠦᠰᠡ ᠶᠢᠨ ᠠᠵᠤ ᠠᠬᠤᠢ ᠶᠢ ᠴᠡᠴᠡᠭᠯᠡᠭᠦᠯᠦᠨ ᠬᠦᠭ᠍ᠵᠢᠭᠦᠯᠬᠦ ᠪᠤᠯᠤᠨ ᠠᠵᠤ ᠠᠬᠤᠢ ᠶᠢᠨ ᠦᠷᠭᠦᠯᠵᠢᠯᠡᠨ ᠬᠦᠭ᠍ᠵᠢᠬᠦ ᠶᠢ ᠪᠡᠶᠡᠯᠡᠭᠦᠯᠬᠦ ᠨᠢ ᠣᠩ᠋ᠭᠤᠨ ᠲᠦᠷᠬᠦ ᠪᠡᠨ ᠬᠠᠳᠠᠭᠠᠯᠠᠭᠰᠠᠭᠠᠷ ᠪᠠᠢ᠌ᠭ᠎ᠠ ᠬᠦᠯᠦᠨ ᠪᠤᠢ᠌ᠷ ᠤᠨ ᠲᠠᠯ᠎ᠠ ᠨᠤᠲᠭ ᠤᠨ ᠮᠠᠯ ᠠᠵᠤ ᠠᠬᠤᠢ ᠳᠤ ᠠᠪᠴᠤ ᠬᠡᠯᠡᠪᠡᠯ ᠬᠠᠮᠤᠭ ᠰᠠᠢ᠌ᠨ ᠰᠤᠩ᠋ᠭᠤᠯᠲᠠ ᠪᠤᠯᠤᠨ᠎ᠠ᠃ |