| Title | 
            ᠴᠢᠩ ᠤᠯᠤᠰ ᠤᠨ ᠦᠶ ᠡ ᠶᠢᠨ ᠬᠠᠯᠬ ᠠ ᠮᠣᠩᠭ᠋ᠤᠯ ᠤᠨ ᠲᠡᠦᠬᠡ ᠶᠢᠨ ᠰᠣᠳᠤᠯᠭᠠᠨ ᠤ ᠲᠣᠢᠮᠤ | 
          
          
            | Creator | 
            ᠼᠠᠢ ᠬᠤᠩ | 
          
          
            | Keyword | 
            ᠴᠢᠩ ᠤᠤᠯᠰ; ᠬᠠᠯᠬ ᠠ ᠮᠣᠩᠭ᠋ᠤᠯ; ᠰᠣᠳᠤᠯᠭᠠᠨ ᠤ ᠲᠣᠢᠮᠤ | 
          
          
            | Abstract | 
            ᠬᠠᠯᠬ ᠠ ᠶᠢᠨ ᠲᠡᠦᠬᠡ ᠰᠣᠳᠣᠯᠣᠯ ᠨᠢ ᠮᠠᠨ ᠤ ᠤᠯᠤᠰ ᠤᠨ ᠮᠣᠩᠭ᠋ᠤᠯ ᠤᠨ ᠲᠡᠦᠬᠡ ᠶᠢᠨ ᠰᠣᠳᠣᠯᠣᠯ ᠤᠨ ᠪᠠᠭᠤᠷᠠᠢ ᠭᠤᠭᠴᠤᠭ᠋ ᠠ ᠪᠠᠢᠢᠭᠰᠠᠭᠠᠷ ᠪᠠᠢᠢᠪᠠ᠃ ᠭᠡᠪᠡᠴᠦ ᠬᠡᠳᠦᠨ ᠠᠷᠪᠠᠨ ᠵᠢᠯ ᠤᠨ ᠲᠣᠷᠰᠢᠬᠢ ᠰᠢᠷᠭᠠᠭᠤ ᠴᠢᠷᠮᠠᠢᠢᠯᠭ᠋ ᠠ ᠪᠠ ᠬᠠᠳᠠᠭᠤᠵᠢᠯᠲᠠᠢ ᠬᠤᠷᠠᠮᠳᠤᠯᠭ᠋ ᠠ ᠪᠡᠷ ᠡᠨᠡ ᠲᠠᠯ ᠠ ᠶᠢᠨ ᠰᠣᠳᠤᠯᠭᠠᠨ ᠨᠢ ᠨᠡᠯᠢᠶᠡᠳ ᠠᠮᠵᠢᠯᠲᠠ ᠣᠯᠤᠭᠰᠠᠨ ᠪᠠᠢᠢᠨ᠌ ᠠ᠃ ᠲᠤᠰ ᠦᠭᠦᠯᠡᠯ ᠳᠤ ᠤᠯᠤᠰ ᠪᠠᠢᠢᠭᠤᠯᠭᠳᠠᠭᠰᠠᠨ ᠡᠴᠡ ᠨᠠᠭᠠᠰᠢᠬᠢ᠂ ᠤᠯᠤᠰ ᠤᠨ ᠲᠣᠳᠤᠭᠠᠳᠤ ᠭᠠᠳᠠᠭᠠᠳᠤ ᠶᠢᠨ ᠴᠢᠨ ᠤᠯᠤᠰ ᠤᠨ ᠦᠶ ᠡ ᠶᠢᠨ ᠬᠠᠯᠬ ᠠ ᠶᠢᠨ ᠲᠡᠦᠬᠡ ᠰᠣᠳᠣᠯᠣᠯ ᠤᠨ ᠪᠢᠢᠳᠠᠯ ᠢ ᠲᠣᠢᠢᠮᠤᠯᠠᠨ ᠲᠤᠭᠠᠴᠢᠵᠤ᠂ ᠤᠯᠤᠰ ᠲᠦᠷᠦ ᠶᠨ ᠪᠠᠢᠢᠭᠤᠯᠤᠯ᠂ ᠱᠠᠰᠢᠨ ᠰᠤᠷᠲᠠᠬᠤᠨ᠂ ᠲᠡᠦᠬᠡᠲᠦ ᠬᠦᠮᠦᠰ ᠵᠡᠷᠭᠡ ᠤᠯᠠᠨ ᠲᠠᠯ ᠠ ᠳ᠋ᠤ ᠰᠢᠨᠵᠢᠯᠡᠯ ᠬᠢᠵᠦ᠂ ᠵᠣᠬᠢᠬᠤ ᠬᠡᠮᠵᠢᠶᠡᠨ ᠳᠤ ᠬᠠᠯᠬ ᠠ ᠶᠢᠨ ᠲᠡᠦᠬᠡ ᠰᠣᠳᠣᠯᠣᠯ ᠤᠨ ᠲᠣᠬᠠᠢ ᠣᠢᠢᠯᠠᠭᠠᠯᠲᠠ ᠵᠢ ᠬᠦᠨᠵᠡᠭᠡᠢᠢᠷᠡᠭᠦᠯᠬᠦ ᠵᠢ ᠬᠦᠰᠡᠵᠦ᠂ ᠬᠠᠮᠳᠤ ᠳ᠋ᠤᠨᠢ ᠲᠤᠰ ᠰᠣᠳᠤᠯᠭᠠᠨ ᠤ ᠬᠦᠷᠢᠶᠡᠨ ᠳᠤ ᠣᠷᠤᠰᠢᠵᠤ ᠪᠦᠬᠦᠢ ᠠᠰᠠᠭᠤᠳᠠᠯ ᠪᠠ ᠬᠣᠢᠢᠰᠢᠲᠠ ᠶᠢᠨ ᠰᠣᠳᠤᠯᠬᠤ ᠬᠠᠷᠠᠯᠲᠠ ᠶᠢᠨ ᠲᠣᠬᠠᠢ ᠦᠴᠦᠭᠡᠨ ᠰᠠᠨᠠᠯ ᠢᠢᠡᠨ ᠲᠡᠪᠰᠢᠭᠦᠯᠪᠡ᠃ | 
          
          
            | Original Literature | 
            
              
              View Original Paper
              
             | 
          
          
            | 出自 | 
            
              赤峰学院学报(蒙文哲学社会科学版)
              2014年
              第1期
             |