Paper Information


Title 《ᠦᠭᠯᠢᠬᠡ ᠪᠠᠶᠠᠰᠬᠤᠯᠠᠩᠳᠤ》ᠬᠡᠳᠡᠭ ᠦᠬᠡ ᠶᠢᠨ ᠤᠴᠢᠷ
Creator ᠪᠦᠷᠢᠶᠠᠴᠢᠨ ᠲᠠᠷᠬᠠᠨ
Keyword ᠦᠭᠯᠢᠬᠡ ᠪᠠᠶᠠᠰᠬᠤᠯᠠᠩᠳᠤ; 乐施; ᠬᠤᠩ ᠯᠸᠦ ᠮᠸᠩ ; ᠬᠦᠬᠡ ᠰᠤᠳᠤᠷ ; ᠬᠦᠰᠢᠶᠠᠨ ᠪᠢᠴᠢᠭ᠌
Abstract 《ᠦᠭᠯᠢᠬᠡ ᠪᠠᠶᠠᠰᠬᠤᠯᠠᠩᠳᠤ》ᠬᠡᠳᠡᠭ ᠦᠬᠡ 《ᠰᠢᠨ᠎ᠡ ᠤᠷᠴᠢᠭᠤᠯᠤᠭᠰᠠᠨ ᠬᠤᠩ ᠯᠸᠦ ᠮᠸᠩ ᠪᠢᠴᠭ᠌ 》ᠪᠠ 《ᠬᠦᠬᠡ ᠰᠤᠳᠤᠷ᠋ ᠤᠨ ᠨᠦᠬᠦᠪᠦᠷᠢ ᠳᠡᠪᠳᠡᠷ》ᠲᠤ ᠯᠠ ᠢᠯᠡᠷᠡᠭᠰᠡᠨ ᠵᠢᠴᠢ 《ᠯᠤᠤᠰ ᠤᠨ ᠰᠦᠮ ᠡ ᠶᠢᠨ ᠬᠦᠰᠢᠶᠠᠨ ᠦ ᠴᠢᠯᠠᠭᠤᠨ  ᠦ ᠪᠢᠴᠢᠭ᠌》ᠲᠤ 《乐施》ᠬᠡᠳᠡᠭ ᠦᠬᠡ ᠪᠡᠷ ᠶᠢ ᠦᠨᠳᠦᠰᠦᠯᠡᠪᠡᠯ ᠂《ᠦᠭᠯᠢᠬᠡ ᠪᠠᠶᠠᠰᠬᠤᠯᠠᠩᠳᠤ》ᠬᠡᠳᠡᠭ ᠦᠬᠡ ᠪᠤᠯ ᠦᠷᠦᠰᠢᠶᠠᠩᠬᠦᠢ ᠪᠢᠭᠡᠳ ᠦᠭᠯᠢᠭᠡ ᠦᠭ᠍ᠬᠦ᠂ ᠪᠤᠶᠠᠨ ᠦᠢᠯᠡᠳᠬᠦ ᠲᠤᠷᠠᠳᠠᠢ ᠰᠢᠳᠤᠷᠭᠤ ᠪᠠᠳᠤ ᠬᠤᠷᠤᠭᠠᠨ ᠦ ᠲᠠᠢᠵᠢ ᠨᠠᠷ᠂ ᠪᠤᠲᠠᠳᠠᠢ ᠪᠠᠷ ᠬᠡᠯᠡᠪᠡᠯ ᠯᠾᠨᠸᠩᠨᠤᠷᠪᠤ᠂ ᠸᠠᠩᠴᠢᠨᠪᠠᠯᠠ ᠨᠠᠷ ᠤᠨ ᠠᠢ᠌ᠯ ᠡᠷᠦᠬᠡ ᠶᠢᠨ ᠰᠤᠷᠳᠠᠯ ᠪᠤᠶᠤ ᠤᠳᠤᠮᠰᠢᠯ ᠤᠨ ᠬᠦᠨᠳᠦᠳᠭᠡᠯ (ᠪᠤᠶᠤ ᠳᠤᠳᠤᠳᠬᠠᠯ)ᠪᠤᠯᠤᠨ᠎ᠠ᠂ ᠡᠨᠡ ᠬᠦ ᠠᠢ᠌ᠯ ᠡᠷᠦᠬᠡ ᠶᠢᠨ ᠰᠤᠷᠳᠠᠯ ᠪᠤᠶᠤ ᠤᠳᠤᠮᠰᠢᠯ ᠨᠢ ᠪᠢᠴᠢᠭ᠌ ᠵᠤᠬᠢᠶᠠᠯ ᠤᠨ ᠨᠡᠷ ᠡ᠂ ᠳᠠᠷᠤᠢ ᠪᠢᠴᠢᠭ᠌ ᠤᠨ ᠬᠦᠮᠦᠨ ᠦ ᠳᠤᠳᠤᠳᠬᠠᠯ ᠪᠤᠯᠵᠠᠢ᠃ 《ᠬᠦᠬᠡ ᠰᠤᠳᠤᠷ ᠤᠨ ᠨᠦᠬᠦᠪᠦᠷᠢ ᠳᠡᠪᠳᠡᠷ》ᠳᠡᠬᠢ 《ᠦᠭᠯᠢᠬᠡ ᠪᠠᠶᠠᠰᠬᠤᠯᠠᠩᠳᠤ》 ᠬᠡᠳᠡᠭ ᠦᠬᠡ ᠨᠢ 《ᠦᠭᠯᠢᠬᠡ ᠪᠠᠶᠠᠰᠬᠤᠯᠠᠩᠳᠤ ᠬᠡᠷᠦᠨ ᠡᠵᠡᠨ ᠦ ᠲᠦᠴᠢᠨ ᠪᠦᠯᠦᠭᠳᠦ 〔ᠤᠯᠠᠭᠠᠨ ᠠᠰᠠᠷ ᠤᠨ ᠵᠡᠭᠦᠳᠦ〕》ᠬᠡᠰᠡᠨ ᠦᠬᠡ ᠪᠤᠯᠤᠨ᠎ᠠ᠃
Original Literature View Original Paper
出自 中国蒙古学 2010年 第1期

联系我们


内蒙古大学图书馆
呼和浩特市大学西路235号
中国·内蒙古
P: (0471) 4992561
E: huangfeilong@imu.edu.cn