Abstract |
ᠨᠠᠶᠮᠠᠨ ᠪᠤᠯ ᠮᠣᠩᠭᠤᠯ ᠬᠠᠭᠠᠨᠲᠤ ᠤᠯᠤᠰ ᠪᠠᠢᠭᠤᠯᠤᠭᠳᠠᠬᠤ ᠠᠴᠠ ᠡᠮᠦᠨᠡᠬᠢ᠂ ᠮᠣᠩᠭᠤᠯ ᠤᠨ ᠦᠨᠳᠦᠷᠯᠢᠭ ᠦᠨ ᠪᠠᠷᠠᠭᠤᠨ ᠪᠡᠶ᠎ᠡ ᠠᠯᠳᠠᠷ ᠤᠨ ᠲᠡᠳᠡᠭᠦᠷ ᠨᠤᠲᠤᠭ ᠲᠠᠢ ᠲᠦᠷᠦᠭ ᠤᠭᠰᠠᠭᠠᠨ ᠤ ᠬᠢᠷᠬᠢᠰ ᠭᠠᠷᠤᠯᠲᠠᠢ ᠠᠢᠮᠠᠭ ᠶᠤᠮ᠃ ᠮᠦᠨ ᠴᠦ ᠮᠣᠩᠭᠤᠯ ᠤᠨ ᠦᠨᠳᠦᠷᠯᠢᠭ ᠦᠨ ᠬᠦᠴᠦᠷᠬᠡᠭ ᠬᠡᠳᠦᠨ ᠠᠢᠮᠠᠭ ᠤᠨ ᠨᠢᠭᠡ ᠪᠦᠭᠡᠳ ᠰᠤᠶᠤᠯ ᠢᠶᠠᠷ ᠬᠠᠮᠤᠭ ᠦᠨᠳᠦᠷ ᠨᠢ ᠲᠡᠳᠡ ᠠᠵᠢ᠃ 1204 ᠣᠨ᠎ᠠ᠂ ᠨᠠᠬᠤ ᠬᠤᠨ ᠳᠤ ᠪᠤᠯᠤᠭᠰᠠᠨ ᠳᠠᠢᠯᠠᠯᠳᠤᠭᠠᠨ ᠳᠤ ᠴᠢᠩᠭᠢᠰ ᠤᠨ ᠴᠡᠷᠢᠭ ᠲᠦ ᠳᠠᠷᠤᠭᠳᠠᠨ ᠲᠠᠶᠠᠩ ᠬᠠᠭᠠᠨ ᠦᠬᠦᠵᠦ᠂ ᠨᠠᠶᠮᠠᠨ ᠠᠢᠮᠠᠭ ᠳᠤᠷᠤᠢᠲᠠᠯ ᠤᠨ ᠵᠠᠮ ᠢᠶᠠᠨ ᠬᠦᠭᠡᠭᠡᠵᠡᠢ᠃ ᠨᠠᠶᠮᠠᠨ ᠠᠢᠮᠠᠭ ᠲᠤ ᠴᠤᠬᠤᠮ ᠶᠠᠮᠠᠷ ᠬᠡᠳᠦᠨ ᠰᠠᠯᠪᠤᠷᠢ ᠨᠤᠭᠤᠳ ᠪᠠᠢᠭᠰᠠᠨ ᠪᠤᠢ ? ᠭᠡᠬᠦ ᠠᠰᠠᠭᠤᠳᠠᠯ ᠳᠤ ᠬᠠᠷᠢᠭᠤᠯᠲᠠ ᠦᠭᠬᠦ ᠶᠢᠨ ᠲᠦᠯᠦᠭᠡ ᠲᠤᠰ ᠦᠭᠦᠯᠡᠯ ᠡᠮᠦᠨᠡᠬᠢ ᠮᠡᠷᠭᠡᠳ ᠦᠨ ᠰᠤᠳᠤᠯᠭᠠᠨ ᠳᠤ ᠰᠠᠭᠤᠷᠢᠯᠠᠨ᠂ ᠰᠢᠨ᠎ᠡ ᠮᠠᠲ᠋ᠧᠷᠢᠶᠠᠯ᠂ ᠰᠢᠨ᠎ᠡ ᠪᠠᠷᠢᠮᠲᠠ ᠶᠢ ᠰᠢᠭᠦᠨ ᠨᠠᠶᠮᠠᠨ ᠤ ᠰᠠᠯᠪᠤᠷᠢ ᠠᠢᠮᠠᠭ ᠤᠳ ᠢ ᠪᠦᠷᠢᠨ ᠲᠠᠨᠢᠯᠴᠠᠭᠤᠯᠬᠤ ᠪᠠᠷ ᠵᠤᠷᠢᠭᠰᠠᠨ ᠪᠠᠢᠨ᠎ᠠ᠃ |