Abstract |
ᠲᠡᠭᠡᠷ ᠡ ᠵᠠᠭᠤᠨ ᠤ ᠨᠠᠶᠠᠭᠠᠳ ᠤᠨ ᠤ ᠲᠤᠮᠳᠠᠴᠢ ᠪᠡᠷ ᠬᠡ᠂ ᠪᠤᠶᠠᠨᠪᠠᠳᠤ ᠫᠷᠦᠹᠸᠰᠰᠤᠷ ᠬᠢᠭᠡᠳ ᠮᠤᠩᠭ᠋ᠤᠯᠵᠢᠨ ᠨᠤᠳᠤᠭ ᠤ ᠬᠠᠢ ᠯᠦᠩ ᠪᠤᠤ᠂ᠯᠢᠤ ᠸᠸᠨ ᠰᠢᠶᠠᠩ ᠵᠡᠷᠭᠡ ᠨᠦᠬᠦᠳ《ᠲᠠᠪᠤᠨ ᠵᠤᠸᠠᠨ》᠋ ᠤ ᠵᠤᠬᠢᠶᠠᠭᠴᠢ ᠵᠢ ᠰᠤᠷᠪᠤᠯᠵᠢᠯᠠᠨ ᠡᠷᠢᠵᠦ᠂ 《ᠲᠠᠪᠤᠨ ᠵᠤᠸᠠᠨ》᠋ ᠋ ᠤ ᠵᠤᠬᠢᠶᠠᠭᠴᠢ ᠪᠤᠯ ᠮᠤᠩᠭ᠋ᠤᠯᠵᠢᠨ ᠬᠡᠭᠡᠨ ᠰᠦᠮ ᠡ ᠳᠤ ᠯᠠᠮᠠ ᠪᠡᠡᠢᠭᠰᠠᠨ ᠮᠤᠩᠭ᠋ᠤᠯ ᠬᠢᠳᠡᠳ ᠪᠢᠴᠢᠭ᠌ ᠲᠤ ᠨᠡᠪᠳᠡᠷᠬᠡᠢ ᠡᠠᠨᠭᠡᠳᠡᠭᠦᠰ ᠮᠦᠨ ᠬᠡᠵᠡᠢ᠃ ᠬᠡᠳᠡᠯ ᠡ 《ᠲᠠᠪᠤᠨ ᠵᠤᠸᠠᠨ》᠋ ᠬᠢᠭᠡᠳ ᠂ᠲᠦᠷᠪᠡᠨ ᠵᠤᠸᠠᠨ》 ᠬᠢᠳᠡᠭ ᠨᠡᠷᠡᠡᠢᠳᠤᠯ ᠤᠨ ᠤᠯᠠᠨᠵᠢᠯᠠᠭᠳᠠᠯ᠂《ᠲᠦᠷᠪᠡᠨ ᠵᠤᠸᠠᠨ 》ᠪᠤᠯᠬᠤ《ᠺᠦ ᠰᠢ ᠵᠤᠸᠠᠨ》᠂《ᠴᠢᠤᠸᠠᠨ ᠵᠢᠶᠠ ᠹᠦ》᠂《ᠱᠠᠠᠩ ᠶᠤᠤ ᠵᠤᠸᠠᠠ》᠂《ᠰᠢᠶᠸ ᠫᠢ ᠵᠤᠸᠠᠨ》᠋ ᠤ ᠪᠢᠴᠢᠯᠭᠡ ᠶᠢᠨ ᠬᠡᠪ ᠨᠡᠮᠪᠠ ᠬᠢᠭᠡᠳ《ᠴᠢᠶᠠᠩ ᠬᠤ ᠵᠤᠸᠨᠨ》᠋ ᠤ ᠵᠤᠬᠢᠶᠠᠭᠳᠠᠨ ᠤᠯᠠᠨᠵᠢᠯᠠᠭᠳᠠᠭᠰᠠᠨ ᠴᠠᠭ ᠦᠶ ᠡ ᠶᠢᠨ ᠵᠦᠷᠢᠶ ᠡ᠂《ᠲᠦᠷᠪᠡᠨ ᠵᠤᠸᠠᠨ》 ᠬᠢᠭᠡᠳ《ᠴᠢᠶᠠᠩ ᠬᠤ ᠵᠤᠸᠠᠨ》᠋ ᠤ ᠠᠭᠤᠯᠭ᠋ ᠡ᠂ ᠵᠤᠬᠢᠶᠠᠮᠵᠢ ᠶᠢᠨ ᠬᠠᠷᠢᠴᠠᠭᠤᠯᠤᠯ ᠡᠴᠨ ᠪᠢᠳᠠ《ᠲᠠᠪᠤᠨ ᠵᠤᠸᠠᠨ》᠋ ᠤ ᠵᠤᠬᠢᠶᠠᠭᠴᠢ ᠪᠤᠯ ᠨᠢᠭᠡ ᠬᠦᠮᠦᠨ ᠪᠢᠰᠢ ᠭᠡᠳᠡᠭ ᠢ ᠲᠤᠳᠤᠯᠠᠭᠰᠠᠨ ᠪᠠᠡᠢᠨ᠋ ᠡ᠃ ᠡᠭᠦᠨ ᠤᠨ ᠰᠠᠭᠤᠷᠢᠨ ᠲᠡᠭᠡᠷ ᠡ ᠡᠩᠭᠡᠳᠡᠭᠦᠰ ᠪᠤ 《ᠴᠢᠶᠩ ᠬᠤ ᠵᠤᠸᠠᠨ》᠋ ᠤ ᠵᠤᠬᠢᠶᠠᠭᠴᠢ ᠪᠤᠯᠬᠤ ᠪᠤᠯᠤᠯᠴᠠᠭ᠋ ᠡ ᠶᠡᠭᠡ ᠭᠡᠳᠡᠭ ᠳ᠋ᠦᠩᠨᠠᠯᠳᠠ ᠵᠢ ᠭᠠᠷᠭᠠᠵᠡᠢ᠃ ᠬᠠᠷᠢᠨ 《ᠲᠦᠷᠪᠡᠨ ᠵᠤᠸᠠᠨ》᠋ ᠤ ᠵᠤᠬᠢᠶᠠᠭᠴᠢ ᠨᠢ ᠬᠡᠨ ᠪᠤᠯᠬᠤ ᠵᠢ ᠴᠢᠨᠠᠭᠰᠢᠳᠠ ᠰᠤᠳᠤᠯᠤᠨ ᠨᠠᠷᠢᠪᠴᠢᠯᠠᠬᠤ ᠴᠢᠬᠤᠯᠠ ᠲᠠᠢ᠃ |