Paper Information


Title ᠲᠤᠮᠳᠠᠳᠤ ᠤᠯᠤᠰ ᠲᠤ 《 ᠵᠠᠩᠭᠠᠷ》 ᠬᠡᠮᠡᠬᠦ ᠠᠮᠠᠨ ᠰᠤᠶᠤᠯ ᠤᠨ ᠡᠬᠢ ᠪᠠᠶᠠᠯᠢᠭ ᠢ ᠨᠡᠭᠡᠭᠡᠨ ᠠᠰᠢᠭᠯᠠᠭᠰᠠᠨ ᠠᠰᠠᠭ᠋᠋ᠤᠳᠠᠯ ᠳᠤ
Creator ᠳ᠋ᠠ‍ • ᠲᠠᠶᠠ
Keyword 《ᠵᠠᠩᠭᠠᠷ》; ᠪᠠᠶᠠᠳᠤ ᠪᠤᠰᠤ ᠰᠤᠶᠤᠯ ᠤ ᠦᠪ; ᠠᠮᠠᠨ ᠰᠤᠶᠤᠯ; ᠡᠬᠢ ᠪᠠᠶᠠᠯᠢᠭ; ᠨᠡᠭᠡᠭᠡᠨ ᠠᠰᠢᠭᠯᠠᠬᠤ
Abstract 《ᠵᠠᠩᠭᠠᠷ》᠋ ᠤᠨ ᠤᠯᠠᠮᠵᠢᠯᠠᠯ ᠵᠠᠯᠭ᠋ᠠᠮᠵᠢᠯᠡᠯ ᠬᠡᠳᠡᠭ ᠨᠢ 《ᠵᠠᠩᠭᠠᠷ》᠋  ᠢ ᠭᠠᠬᠴᠠ ᠢᠵᠠᠭ᠋ᠤᠷ ᠬᠡᠯᠪᠡᠷᠢ ᠪᠡᠷ ᠨᠢ ᠦᠪᠯᠡᠵᠦ ᠬᠠᠳᠠᠭ᠋ᠠᠯᠠᠭ᠋ᠠᠳ ᠪᠤᠯᠴᠢᠠᠬᠭ ᠪᠢᠰᠢ᠂ ᠬᠠᠷᠢᠨ ᠰᠢᠨ᠎ᠠ ᠴᠠᠭ ᠶᠢᠨ ᠨᠡᠢᠭᠡᠮ ᠰᠤᠶᠤᠯ ᠤᠨ ᠬᠡᠷᠡᠭᠴᠡᠭᠡ ᠱᠠᠭ᠋ᠠᠷᠳᠠᠯᠭ᠎ᠠ ᠲᠠᠢ ᠨᠡᠢᠴᠡᠭᠦᠯᠵᠦ ᠤᠯᠠᠨ ᠲᠠᠯ᠎ᠡ ᠡᠴᠨ ᠪᠦᠳᠤᠭᠡᠯᠴᠢ ᠪᠡᠷ ᠤᠯᠠᠮᠵᠢᠯᠡᠨ ᠲᠠᠮᠵᠢᠭ᠋ᠤᠯᠬᠤ ᠶᠠᠪᠤᠳᠠᠯ ᠮᠦᠨ᠃ ᠨᠡᠩ ᠢᠯᠠᠩᠭᠤᠶ᠎ᠡ ᠦᠨ᠋ᠤᠳᠤᠷ ᠤᠨ ᠠᠵᠦ ᠦᠢᠯᠡᠳᠪᠤᠷᠢᠵᠢᠯ ᠬᠢᠭᠡᠳ ᠬᠤᠳᠠᠴᠢᠯᠡᠯᠳᠠ ᠶᠢᠨ ᠠᠬᠢᠴᠡ ᠬᠤᠷᠳᠤᠰᠴᠦ ᠬᠠᠷᠢ ᠰᠤᠶᠤᠯ ᠪᠡ ᠲᠠᠸᠠᠷ ᠤᠨ ᠰᠤᠶᠤᠯ ᠤᠨ ᠲᠦᠷᠢᠯᠳᠡ ᠶᠡᠭᠡᠰᠴᠦ ᠪᠠᠢᠬᠤ ᠨᠦᠬᠦᠴᠡᠯ ᠲᠤᠤᠷ᠎ᠠ᠂《ᠵᠠᠩᠭᠠᠷ》 ᠵᠠᠷᠭᠡ ᠤᠯᠠᠮᠵᠢᠯᠠᠯᠳᠤ ᠰᠤᠶᠤᠯ ᠶᠢᠡᠨ ᠰᠢᠨ᠎ᠠ ᠴᠠᠭ ᠦᠶ᠎ᠡ ᠶᠢᠨ ᠬᠡᠷᠡᠭᠴᠡᠭᠡ ᠳᠤ ᠨᠡᠢᠴᠡᠬᠦᠯᠬᠦ ᠶᠠᠪᠤᠳᠠᠯ ᠪᠠᠴᠢᠮ ᠱᠠᠭ᠋ᠠᠷᠳᠠᠭᠳᠠᠵᠦ ᠪᠠᠢᠨ᠎ᠠ᠃ ᠡᠢᠮᠦ ᠡᠴᠨ ᠦᠩᠭᠡᠷᠡᠭᠰᠡᠨ ᠤ 《 ᠵᠠᠩᠭᠠᠷ》᠋ ᠤᠨ ᠲᠤᠬᠠᠢ ᠤᠷᠤᠨ ᠨᠤᠳᠤᠭ᠂ ᠤᠪᠤᠭ ᠠᠢᠮᠠᠭ ᠤᠨ ᠢᠪᠴᠤᠤ ᠤᠬᠠᠮᠰᠠᠷ ᠶᠢᠡᠨ ᠲᠠᠶᠠᠨᠭᠳᠠᠵᠦ᠂ ᠮᠤᠩᠭᠤᠯᠴᠤᠳ ᠤᠠᠯᠨ ᠶᠢᠡᠷ ᠶᠢᠡᠨ ᠠᠳᠠᠯᠢ ᠪᠤᠰᠤ ᠰᠤᠶᠤᠯ ᠤᠷᠠᠯᠢᠭ ᠤ ᠬᠠᠷᠠᠭ᠎ᠠ ᠳᠤ ᠢᠳᠡᠪᠬᠢᠳᠡᠢ ᠤᠷᠤᠯᠴᠠᠵᠦ᠂ ᠴᠢᠳᠠᠮᠠᠭ᠋ᠠᠢ ᠪᠡᠷ ᠨᠡᠭᠡᠭᠡᠨ ᠠᠰᠢᠭᠯᠠᠬᠤ ᠴᠢᠬᠤᠯᠠ ᠲᠠᠢ ᠪᠠᠢᠨ᠎ᠠ᠃ ᠡᠬᠦᠨ ᠳᠤ ᠦᠩᠭᠡᠷᠡᠭᠰᠡᠨ ᠤ ᠲᠦᠭᠦᠮ ᠶᠢᠡᠷ ᠨᠡᠬᠦᠯᠭᠡᠨ ᠰᠢᠯᠵᠢᠬᠦᠯᠬᠦ᠂ ᠬᠡᠳᠤᠷᠬᠡᠢ ᠶᠠᠷᠤᠮᠳᠡᠭᠵᠢᠬᠦᠯᠬᠦ᠂ ᠮᠠᠷᠺ ᠲᠠᠮᠳᠡᠭᠵᠢᠭᠦᠯᠭᠦ ᠵᠠᠷᠭᠡ ᠡᠨᠳᠡᠬᠦᠤ ᠬᠡᠯᠪᠡᠷᠢᠯ ᠢ ᠲᠡᠪᠴᠢᠵᠦ᠂ 《ᠵᠠᠩᠭᠠᠷ》᠋ ᠤᠨ ᠰᠤᠶᠤᠯ ᠢ ᠪᠦᠷᠢᠨ ᠰᠠᠢᠨ ᠤᠢᠯᠠᠬ᠋ᠠᠭᠤ ᠬᠢᠭᠡᠳ ᠪᠦᠳᠤᠭᠡᠯᠴᠢ ᠪᠠᠷ ᠤᠷᠠᠯᠠᠨ ᠲᠤᠭ᠋ᠤᠷᠪᠢᠬᠤ ᠵᠢ ᠤᠶᠠᠯᠳᠤᠭ᠋ᠤᠯᠬᠤ ᠬᠡᠷᠡᠭᠳᠡᠢ ᠪᠠᠢᠨ᠎ᠠ᠃ ᠦᠭᠡᠷ᠎ᠡ ᠪᠠᠷ ᠬᠡᠯᠡᠪᠡᠯ᠂ 《ᠵᠩᠭᠠᠷ》᠋ ᠤᠨ ᠡᠬᠢ ᠪᠨᠶᠠᠯᠢᠭ ᠤᠨ ᠨᠡᠭᠡᠭᠡᠨ ᠠᠰᠢᠭᠯᠠᠯᠳᠠ ᠨᠢᠭᠡᠪᠤᠷᠢ ᠨᠢ《 ᠵᠠᠩᠭᠠᠷ》᠋ ᠤᠨ ᠤᠯᠠᠮᠵᠢᠯᠠᠯ ᠵᠠᠯᠭ᠋ᠠᠮᠵᠢᠯᠠᠯ ᠢ ᠠᠮᠢᠳᠤᠯᠢᠭ ᠶᠢᠡᠷ ᠬᠠᠮᠠᠭ᠋ᠠᠯᠠᠵᠦ᠂ ᠲᠡᠭᠦᠨ ᠤ ᠨᠡᠷ᠎ᠡ ᠲᠦᠷᠦ ᠵᠢᠴᠢ ᠪᠠᠢᠷᠢ ᠰᠠᠭ᠋ᠤᠷᠢ ᠶᠢᠨ ᠦᠷᠭᠡᠳᠭᠡᠯ ᠲᠡᠯᠭᠡᠷᠡᠯ ᠳᠤ ᠡᠶᠡᠷᠬᠦ ᠨᠦᠯᠦᠭᠡ ᠦᠵᠡᠭᠦᠯᠦᠭᠰᠡᠨ ᠪᠠᠢᠬᠤ ᠬᠡᠷᠡᠭᠳᠡᠢ᠃ ᠦᠬᠦᠯᠡᠯ ᠳᠤ ᠂ ᠲᠤᠮᠳᠠᠳᠤ ᠤᠯᠤᠰ ᠲᠤ《 ᠵᠠᠩᠭᠠᠷ》᠋ ᠤᠨ ᠡᠬᠢ ᠪᠠᠶᠠᠯᠢᠭ ᠤᠨ ᠨᠡᠭᠡᠭᠡᠨ ᠠᠰᠢᠭᠯᠠᠭᠰᠠᠨ ᠲᠤᠷᠰᠢᠯᠭ᠎ᠠ ᠰᠤᠷᠭ᠋ᠠᠮᠵᠢ ᠵᠢ ᠨᠡᠭᠡᠭᠡᠨ ᠠᠰᠢᠭᠯᠠᠭᠰᠠᠨ ᠲᠤᠢᠮᠦ ᠪᠠᠢᠳᠠᠯ ᠬᠢᠭᠡᠳ ᠨᠡᠭᠡᠭᠡᠨ ᠠᠰᠢᠭᠯᠠᠯᠳᠠ ᠳᠤ ᠤᠷᠤᠰᠢᠵᠦ ᠪᠠᠢᠬᠤ ᠠᠰᠠᠭ᠋ᠤᠳᠠᠯ ᠬᠡᠮᠡᠬᠦ ᠬᠤᠶᠠᠷ ᠲᠠᠯ᠎ᠡ ᠡᠴᠨ ᠲᠦᠭᠦᠮ ᠲᠤᠭ᠋ᠠᠴᠢᠬᠤ ᠪᠠᠷ ᠲᠠᠮᠵᠢᠬ᠋ᠤᠯᠵᠦ᠂ ᠬᠤᠢᠰᠢᠳᠡ ᠠᠩᠬᠠᠷᠬᠤ ᠤᠯᠠᠨ ᠵᠤᠢᠯ ᠤᠨ ᠲᠤᠬᠠᠢ ᠦᠪᠡᠷ ᠤᠨ ᠦᠵᠡᠯᠳᠡ ᠪᠡᠨ ᠲᠤᠷᠠᠳᠬᠤ ᠵᠢ ᠵᠤᠷᠢᠪᠡ᠃
Original Literature View Original Paper
出自 中国蒙古学 2014年 第5期

联系我们


内蒙古大学图书馆
呼和浩特市大学西路235号
中国·内蒙古
P: (0471) 4992561
E: huangfeilong@imu.edu.cn