Paper Information


Title ᠤᠢᠷᠠᠳ ᠠᠮᠠᠨ ᠶᠠᠷᠢᠶᠠᠨ ᠤ ᠡᠭᠡᠰᠢᠭ ᠠᠪᠢᠶᠠᠯᠠᠪᠤᠷᠢ ᠬᠢᠭᠡᠳ ᠬᠠᠭᠤᠴᠢᠨ ᠪᠢᠴᠢᠭ ᠤᠨ ᠬᠡᠯᠡᠨ ᠤ ᠬᠠᠷᠢᠴᠠᠭᠤᠯᠤᠯ
Creator ᠪᠡ‍•ᠲᠠᠮᠷᠢᠨᠵᠠᠪ
Keyword ᠤᠢᠷᠠᠳ ᠠᠮᠠᠨ ᠶᠠᠷᠢᠶ ᠠ; ᠡᠭᠡᠰᠢᠭ ᠠᠪᠢᠶᠠᠯᠠᠪᠤᠷᠢ ;ᠬᠠᠭᠤᠴᠢᠨ ᠪᠢᠴᠢᠭ ᠤᠨ ᠬᠡᠯᠡ
Abstract ᠣᠳᠣ ᠮᠠᠨ ᠤ ᠤᠯᠤᠰ ᠤᠨ ᠪᠠᠷᠠᠭᠤ ᠬᠤᠢᠲᠤ ᠬᠢᠵᠠᠭᠠᠷ ᠤᠷᠤᠨ ᠪᠣᠯᠬᠤ ᠰᠢᠨᠵᠢᠶᠠᠩ ᠳᠤ ᠨᠡᠢᠲᠡ ᠠᠷᠪᠠᠨ ᠭᠤᠷᠪᠠᠨ ᠲᠦᠮᠡ ᠭᠠᠷᠤᠢ ᠮᠣᠩᠭᠤᠯᠴᠤᠳ ᠰᠠᠭᠤᠷᠢᠰᠢᠨ ᠰᠠᠭᠤᠵᠤ ᠪᠠᠢᠬᠤ ᠪᠦᠭᠡᠳ ᠲᠡᠳᠡᠨ ᠢ ᠤᠢᠷᠠᠳ ᠮᠣᠩᠭᠤᠯ ᠭᠡᠳᠡᠭ ᠪᠢᠯᠡ᠃ ᠤᠢᠷᠠᠳ ᠮᠣᠩᠭᠤᠯᠴᠤᠳ ᠡᠷᠲᠡ ᠡᠴᠡ ᠠᠪᠤᠭᠠᠳ ᠤᠲᠤ ᠬᠦᠷᠲᠡᠯ ᠠ ᠭᠡᠲᠦᠨ ᠵᠠᠭᠤᠨ ᠵᠢᠯ ᠤᠨ ᠲᠤᠷᠰᠢ ᠲᠡᠭᠷᠢ ᠠᠭᠤᠯᠠ ᠶᠢᠨ ᠡᠮᠦᠨ. ᠠᠬᠤᠢᠨ᠎ᠠ ᠠᠷᠤ ᠦᠪᠦᠷ ᠢᠢᠡᠷ ᠮᠠᠯ ᠮᠠᠯᠯᠠᠨ᠂ ᠠᠩ ᠠᠩᠨᠠᠵᠤ᠂ ᠲᠠᠷᠢᠶ ᠠ ᠲᠠᠷᠢᠭᠠᠳ ᠠᠵᠤ ᠲᠦᠷᠦᠨ ᠢᠷᠡᠭᠰᠡᠨ ᠪᠦᠭᠡᠳ ᠵᠠᠮ ᠬᠠᠷᠢᠯᠴᠠᠭ᠎ᠠ ᠪᠠ ᠪᠣᠰᠤᠳ ᠵᠦᠢᠯ ᠤᠨ ᠬᠠᠷᠰᠢ ᠰᠠᠭᠠᠳ ᠡᠴᠡ ᠪᠣᠯᠵᠤ ᠤᠷᠲᠤ ᠤᠳᠠᠭᠠᠨ ᠬᠤᠭᠤᠴᠠᠭᠠᠨ ᠳ᠋ᠤ ᠦᠭᠡᠷ ᠡ ᠤᠷᠤᠨ ᠤ ᠮᠣᠩᠭᠤᠯᠴᠤᠳ ᠲᠠᠢ ᠪᠠᠨ ᠲᠡᠮᠡᠢ ᠶᠠᠪᠤᠯᠴᠠᠵᠤ ᠴᠢᠳᠠᠭᠰᠠᠨ ᠦᠭᠡᠢ ᠪᠢᠯᠡ᠃ ᠲᠡᠢᠮᠦ ᠡᠴᠡ ᠦᠭᠡ ᠬᠡᠯᠡᠨ ᠤ ᠲᠠᠯ ᠠ ᠪᠡᠷ(ᠠᠪᠢᠶ ᠠ᠂ ᠬᠡᠯᠡ ᠵᠦᠢ᠂ ᠦᠭᠡᠣᠰ ᠤᠨ ᠰᠠᠩ) ᠪᠣᠰᠤᠳ ᠭᠠᠵᠠᠷ ᠤᠷᠤᠨ ᠤ ᠮᠣᠩᠭᠤᠯᠴᠤᠳ ᠡᠴᠡ ᠪᠠᠨ ᠪᠠᠬᠠᠨ ᠵᠦᠷᠢᠶ ᠠ ᠲᠠᠢ ᠭᠠᠵᠠᠷ ᠪᠤᠢ᠃ ᠭᠡᠪᠡᠴᠦ ᠵᠠᠷᠢᠮ ᠨᠢᠭᠡ ᠲᠠᠯ ᠠ ᠪᠡᠷ ᠢᠢᠡᠨ ᠡᠷᠲᠡᠨ ᠤ ᠮᠣᠩᠭᠤᠯ ᠬᠡᠯᠡᠨ ᠤ ᠤᠨᠴᠠᠯᠢᠭ ᠢ ᠬᠠᠳᠠᠭᠠᠯᠠᠵᠤ ᠪᠠᠢᠬᠤ ᠪᠡᠷ ᠢᠢᠡᠨ ᠦᠭᠡᠷ ᠡ ᠪᠣᠰᠤᠳ ᠨᠤᠲᠤᠭ ᠤᠨ ᠬᠡᠯᠡ ᠠᠶᠠᠯᠭᠤ ᠡᠴᠡ ᠲᠠᠪᠠᠭᠤᠯᠢᠭ ᠲᠠᠯ ᠠ ᠲᠠᠢ ᠭᠠᠵᠠᠷ ᠴᠦ ᠪᠤᠢ᠂ ᠡᠢᠮᠦ ᠡᠴᠡ ᠤᠢᠷᠠᠳ ᠨᠤᠲᠤᠭ ᠤᠨ ᠠᠶᠠᠯᠭᠤ ᠵᠢ ᠰᠣᠳᠤᠯᠬᠤ ᠨᠢ ᠡᠷᠲᠡᠨ ᠤ ᠮᠣᠩᠭᠤᠯ ᠬᠡᠯᠡ ᠵᠢ ᠰᠣᠳᠤᠯᠬᠤ ᠳ᠋ᠤ ᠨᠡᠩ ᠶᠡᠬᠡ ᠠᠰᠢᠭ ᠲᠠᠢ ᠪᠡᠷ ᠪᠠᠷᠠᠬᠤ ᠦᠭᠡᠢ ᠣᠳᠣ ᠶᠢᠨ ᠦᠰᠦᠭ ᠪᠢᠴᠢᠭ ᠢᠢᠡᠷ ᠨᠢᠭᠡᠳᠭᠡᠵᠦ ᠪᠠᠷᠢᠮᠵᠢᠶ ᠠ ᠠᠪᠢᠶ ᠠ ᠵᠢ ᠲᠡᠯᠭᠡᠷᠡᠭᠦᠯᠬᠦ ᠳ᠋ᠤ ᠴᠦ ᠴᠢᠬᠤᠯᠠ ᠶᠡᠬᠡ ᠠᠴᠢ ᠬᠤᠯᠪᠤᠭᠳᠠᠯ ᠲᠠᠢ ᠶᠣᠮ᠃
Original Literature No Original Paper
出自 西北民族大学学报 1994年 第1期

联系我们


内蒙古大学图书馆
呼和浩特市大学西路235号
中国·内蒙古
P: (0471) 4992561
E: huangfeilong@imu.edu.cn